ᠵᠤᠬᠢᠶᠠᠬᠴᠢ᠄ ᠦᠪᠤᠷ ᠮᠤᠩᠭᠤᠯ᠂ ᠬᠤᠷᠴᠢᠨ᠂ ᠸ᠊ ᠠᠭᠤᠯᠠ | ᠬᠤᠯᠪᠤᠭ᠎ᠠ ᠬᠡᠯᠡᠳᠡᠭ ᠮᠢᠨᠦ ᠪᠡᠶ᠎ᠡ | ᠬᠤᠪᠳᠤᠯ ᠵᠢᠷᠦᠭᠡ ᠲᠤᠭᠳᠤᠯᠠᠵᠤ ᠪᠠᠶᠢᠨ᠎ᠠ︕ | ᠬᠤᠷᠠᠨ ᠢᠷᠡᠭᠰᠡᠨ ᠲᠠ ᠤᠯᠠᠨ ᠳᠠᠭᠠᠨ | ᠤᠳᠤᠮᠰᠢᠯᠳᠤ ᠰᠤᠷᠭᠠᠯ ᠢᠶᠠᠨ ᠬᠤᠯᠪᠤᠶ᠎ᠠ︕ | | ᠤᠷᠭᠤᠬᠤ ᠨᠠᠷᠠᠨ ᠤ ᠤᠯᠠᠪᠢᠷ ᠲᠤᠶᠠᠭᠠᠨ ᠳᠤ | ᠤᠳᠠᠪᠠᠯ᠎ᠠ ᠴᠡᠴᠡᠭ ᠤᠨ ᠮᠦᠰᠢᠶᠡᠯ ᠲᠠᠢ ᠬᠦᠢ︕ | ᠠᠭᠤᠳᠠᠮ ᠤᠭᠳᠠᠷᠭᠤᠢ ᠶᠢᠨ ᠴᠡᠪᠡᠷ ᠠᠭᠠᠷ ᠲᠤ | ᠤᠷᠠᠨ ᠰᠢᠪᠠᠭᠤᠳ ᠤᠨ ᠲᠤᠩᠭᠤᠳᠤᠭᠠ ᠲᠠᠢ ᠬᠦᠢ︕ | | ᠠᠭᠤᠥ ᠮᠤᠩᠭᠤᠯ ᠤᠨ ᠭᠡᠷ ᠤᠨ ᠰᠤᠷᠭᠠᠯ ᠳᠤ | ᠤᠵᠢᠭᠤᠷ ᠠᠴᠠ ᠠᠪᠤᠭᠠᠳ ᠤᠯᠠᠮᠵᠢᠯᠠᠯ ᠲᠠᠢ ᠬᠦᠢ︕ | ᠡᠵᠡᠨ ᠴᠢᠩᠬᠢᠰ ᠤᠨ ᠢᠷᠠᠭᠤ ᠲᠡᠥᠭᠡᠨ ᠳᠤ | ᠠᠩᠭ᠎ᠠ ᠭᠡᠥᠭᠡᠳ ᠢᠶᠠᠨ ᠠᠴᠢᠯᠠᠬᠤ ᠡᠭᠦᠷᠭᠡ ᠲᠠᠢ ᠬᠦᠢ︕ | | ᠮᠠᠨ ᠤ ᠮᠤᠩᠭᠤᠯ ᠤᠨ ᠠᠷᠢᠭᠤᠨ ᠵᠠᠩᠰᠢᠯ ᠳᠤ | ᠮᠠᠨᠳᠤᠬᠤ ᠦᠷ᠎ᠡ ᠪᠠᠨ ᠪᠤᠶᠢᠵᠢᠭᠤᠯᠤᠶ᠎ᠠ ᠬᠦᠢ︕ | ᠦᠨᠳᠦᠰᠦᠳᠡᠨ ᠤᠭᠰᠠᠭᠠᠳᠠᠨ ᠤ ᠵᠠᠩᠰᠢᠯ ᠢᠶᠠᠷ | ᠦᠳᠡᠯᠦᠭᠡ ᠨᠠᠰᠤᠳᠠᠨ ᠢᠶᠠᠨ ᠬᠦᠨᠳᠦᠳᠭᠡᠶᠡ ᠬᠦᠢ︕ | | ᠠᠩᠭᠢᠷ ᠤᠭᠤᠷᠠᠭ ᠢᠶᠠᠨ ᠰᠢᠮᠡᠭᠦᠯᠦᠭᠰᠡᠨ | ᠠᠴᠢᠳᠤ ᠡᠵᠢ ᠮᠢᠨᠢ ᠮᠠᠭᠳᠠᠭᠠᠯᠲᠠᠢ ᠬᠦᠢ︕ | ᠡᠴᠢᠭᠡ ᠶᠢᠨ ᠬᠠᠳᠠᠭᠤ ᠰᠤᠷᠭᠠᠯ ᠢᠶᠠᠷ | ᠡᠨᠡ ᠪᠡᠶ᠎ᠡ ᠶᠢ ᠮᠢᠨᠢ ᠤᠬᠠᠭᠠᠷᠠᠭᠤᠯᠤᠭᠰᠠᠨ ᠶᠤᠮ ᠬᠦᠢ︕ | | ᠪᠤᠷᠬᠠᠨ ᠲᠡᠭᠷᠢ ᠶᠢᠨ ᠠᠪᠤᠷᠠᠯ ᠢᠶᠠᠷ | ᠪᠤᠭᠤᠷᠤᠯ ᠲᠡᠭᠡᠳᠦᠰ ᠤᠨ ᠰᠤᠷᠭᠠᠯ ᠲᠠᠭᠤᠯᠠᠭᠤᠰᠢᠲᠠᠢ ᠬᠦᠢ︕ | ᠪᠤᠶᠠᠨ ᠬᠦᠷᠦᠩᠭᠡ ᠶᠢ ᠡᠳᠡᠯᠡᠭᠦᠯᠬᠦ ᠪᠠᠷ | ᠪᠠᠭᠤᠷᠠᠢ ᠭᠤᠯᠤᠮᠲᠠ ᠪᠠᠨ ᠰᠡᠷᠭᠦᠭᠡᠭᠰᠡᠨ ᠶᠤᠮ ᠬᠦᠢ︕ | | ᠭᠦᠷᠰᠢ ᠵᠡᠷᠭᠡᠯᠡᠳᠡᠭᠡ ᠲᠠᠢ ᠪᠠᠨ ᠨᠠᠶᠢᠷᠰᠠᠭ ᠢᠶᠠᠷ | ᠬᠠᠷᠢᠯᠴᠠᠨ ᠡᠶ᠎ᠡ ᠵᠤᠬᠢᠴᠠᠩᠭᠤᠢ ᠪᠠᠶᠢᠶ᠎ᠠ ᠬᠦᠢ︕ | ᠬᠤᠳᠠᠯᠠ ᠤᠯᠠᠨ ᠲᠠᠢ ᠪᠠᠨ ᠪᠦᠯᠬᠦᠮᠳᠡᠵᠤ | ᠬᠠᠯᠠᠭᠤᠨ ᠬᠠᠶᠢᠷ᠎ᠠ ᠪᠠᠷ ᠢᠪᠡᠭᠡᠶᠡ ᠬᠦᠢ︕ | | ᠠᠪᠤ ᠡᠵᠢ ᠠᠴᠠ ᠪᠠᠨ ᠠᠵᠠ ᠲᠠᠢ ᠵᠠᠶᠠᠭᠠᠭᠠᠳ | ᠠᠬ᠎ᠠ ᠲᠡᠭᠦᠥ ᠨᠠᠷ ᠲᠠᠢ ᠪᠠᠨ ᠬᠠᠮᠵᠢᠯᠴᠠᠶ᠎ᠠ ᠬᠦᠢ︕ | ᠠᠵᠢᠯ ᠦᠢᠯᠡᠰ ᠲᠡᠭᠡᠨ ᠭᠠᠷᠠᠮᠭᠠᠶᠢᠯᠠᠭᠠᠳ | ᠠᠵᠤ ᠠᠮᠢᠳᠤᠷᠠᠯ ᠢᠶᠠᠨ ᠲᠤᠳᠠᠮᠳᠠᠶᠠ ᠬᠦᠢ︕ | | ᠠᠵᠠ ᠶᠢᠨ ᠰᠠᠶᠢᠬᠠᠨ ᠡᠨᠡ ᠰᠢᠨ᠎ᠡ ᠡᠷᠢᠨ ᠳᠤ | ᠠᠶᠢᠯ ᠠᠶᠢᠮᠠᠭ ᠲᠠᠢ ᠪᠠᠨ ᠬᠠᠮᠳᠤᠷᠠᠶᠠ ᠬᠦᠢ︕ | ᠡᠩᠭᠡ ᠲᠦᠷᠦ ᠶᠢᠨ ᠲᠦᠪᠰᠢᠨ ᠴᠠᠭ ᠲᠤ | ᠡᠭᠡ ᠤᠷᠤᠨ ᠢᠶᠠᠨ ᠬᠦᠭᠵᠢᠭᠦᠯᠦᠶ᠎ᠡ ᠬᠦᠢ︕ | | ᠤᠷᠭᠤᠬᠤ ᠬᠠᠪᠤᠷ ᠤᠨ ᠰᠤᠷᠭᠤᠭ ᠴᠡᠴᠡᠭ ᠰᠢᠭ | ᠡᠭᠦᠳᠡ ᠡᠷᠦᠭᠡ ᠪᠠᠨ ᠭᠡᠷᠡᠯᠳᠡᠭᠦᠯᠦᠶᠡ ᠬᠦᠢ︕ | ᠤᠳᠤᠮᠰᠢᠯᠳᠤ ᠮᠤᠩᠭᠤᠯ ᠤᠨ ᠠᠷᠢᠭᠤᠨ ᠲᠠᠳᠬᠠᠯ ᠢᠶᠠᠷ | ᠡᠶ᠎ᠡ ᠨᠠᠶᠢᠷ ᠢ ᠡᠷᠬᠢᠮᠯᠡᠶ᠎ᠡ ᠬᠦᠢ︕ | | ᠲᠦᠪᠰᠢᠨ ᠠᠮᠤᠭᠤᠯᠠᠩ ᠡᠨᠡ ᠡᠷᠢᠨ ᠳᠤ | ᠲᠦᠷᠦ ᠤᠯᠤᠰ ᠢᠶᠠᠨ ᠬᠦᠴᠦᠷᠭᠡᠭᠵᠢᠭᠦᠯᠦᠶᠡ ᠬᠦᠢ︕ | ᠲᠠᠶᠠᠭᠠᠷ ᠮᠤᠩᠭᠤᠯ ᠤᠨ ᠨᠠᠨᠳᠢᠨ ᠦᠪ ᠢᠶᠠᠷ | ᠲᠠᠶᠢᠪᠤᠩ ᠦᠷᠡᠰ ᠢᠶᠠᠨ ᠬᠦᠮᠦᠵᠢᠭᠦᠯᠦᠶ᠎ᠡ ᠬᠦᠢ︕ | | ᠠᠳᠠᠯ ᠭᠡᠷ ᠢᠶᠠᠨ ᠲᠦᠪᠬᠢᠨᠡᠭᠦᠯᠵᠤ | ᠠᠭᠰᠢᠷᠠᠭ᠎ᠠ ᠪᠤᠭᠤᠷᠣᠯ ᠢᠶᠠᠨ ᠬᠦᠨᠳᠦᠯᠦᠶᠡ ᠬᠦᠢ︕ | ᠠᠴᠢᠷ ᠦᠷᠡᠰ ᠢᠶᠠᠨ ᠰᠤᠷᠭᠠᠨ ᠬᠦᠮᠦᠵᠢᠭᠦᠯᠦᠭᠡᠳ | ᠠᠷᠠᠳ ᠲᠦᠮᠡᠨ ᠳᠤ ᠲᠤᠰᠠᠳᠠᠢ ᠬᠦᠮᠦᠨ ᠪᠤᠯᠭᠠᠶ᠎ᠠ ᠬᠦᠢ︕ | | ᠠᠶᠢᠮᠠᠭ ᠰᠠᠳᠤᠨ ᠲᠠᠢ ᠪᠠᠨ ᠨᠠᠶᠢᠷ ᠲᠠᠢ ᠪᠠᠶᠢᠵᠤ | ᠠᠴᠢᠯᠠᠯ ᠪᠤᠶᠠᠨ ᠢ ᠦᠢᠯᠡᠳᠴᠦ ᠶᠠᠪᠤᠶ᠎ᠠ ᠬᠦᠢ︕ | ᠦᠭᠡᠳᠡ ᠡᠰᠡᠷᠡᠭ ᠯᠠᠭᠰᠢᠨ ᠲᠡᠩᠭᠡᠯᠡᠭᠦᠨ ᠢᠶᠠᠷ | ᠤᠳᠤᠮᠳᠤ ᠦᠨᠳᠦᠰᠦᠳᠡᠨ ᠢᠶᠠᠨ ᠮᠠᠨᠳᠤᠭᠤᠯᠤᠶ᠎ᠠ ᠬᠦᠢ︕ | | ᠡᠷᠡᠨ ᠴᠠᠭ ᠤᠨ ᠲᠡᠥᠭᠡᠨ ᠬᠦᠭᠵᠢᠯᠳᠡ ᠳᠤ | ᠢᠷᠡᠭᠡᠳᠦᠢ ᠶᠢᠨ ᠦᠢᠯᠡᠰ ᠢᠶᠠᠨ ᠴᠤᠭᠴᠠᠯᠠᠶ᠎ᠠ ᠬᠦᠢ︕ | ᠢᠷᠡᠭᠦ ᠮᠠᠷᠭᠠᠰᠢ ᠶᠢᠨ ᠰᠠᠶᠢᠨ ᠰᠠᠶᠢᠬᠠᠨ ᠤ ᠲᠦᠯᠦᠭᠡ | ᠢᠳᠡᠭᠡᠯ ᠲᠦᠭᠦᠷᠡᠩ ᠠᠵᠤ ᠠᠮᠢᠳᠤᠷᠠᠶ᠎ᠠ ᠭᠦᠢ︕ |