ᠡᠷᠡᠭᠦᠯ ᠡᠩᠬᠡ ᠶᠢᠨ ᠡᠯᠴᠢ
ᠨᠡᠶᠢᠲᠡᠯᠡᠭᠰᠡᠨ ᠴᠠᠭ᠄
2020/7/16
     ᠵᠤᠬᠢᠶᠠᠬᠴᠢ᠄  ᠦᠪᠤᠷ ᠮᠤᠩᠭᠤᠯ᠂ ᠬᠤᠷᠴᠢᠨ᠂ ᠲᠣ ᠨᠠᠰᠦᠨᠵᠢᠷᠭᠠᠯ                             — — ᠦᠬᠠᠨ ᠤ ᠣᠲᠤᠭ᠎ᠠ ᠦᠭᠡᠢ ᠲᠠᠶᠢᠨ ᠳᠤ                                     ᠮᠣᠷᠳᠠᠭᠰᠠᠨ ᠡᠮᠴᠢ ᠰᠣᠪᠢᠯᠠᠭᠴᠢᠳ ᠲᠤ ᠵᠣᠷᠢᠭᠤᠯᠪᠠ                ᠸᠦᠷᠢᠰ ᠬᠢᠵᠢᠭ ᠦᠬᠠᠨ ᠳᠤ ᠬᠠᠯᠠᠭᠤᠷᠠᠵᠤ        ᠡᠯᠢᠭᠡ ᠨᠢᠭᠡᠳᠡᠳ ᠠᠮᠢᠰᠬᠤᠯ ᠴᠢᠬᠤᠯᠳᠠᠨ᠎ᠠ        ᠡᠮᠴᠢ ᠰᠣᠪᠢᠯᠠᠭᠴᠢᠳ ᠲᠠᠩᠭᠠᠷᠢᠭ ᠢᠶᠠᠨ ᠦᠭᠴᠦ        ᠤᠲᠤᠭ᠎ᠠ ᠦᠭᠡᠢ ᠳᠡᠶᠢᠨ ᠳᠤ ᠮᠣᠷᠳᠠᠵᠠᠭᠠᠨ᠎ᠠ                ᠠᠳᠡ ᠠᠴᠠ ᠡᠷᠪᠠᠢ ᠬᠦᠦ ᠨᠢ ᠤᠶᠠᠷᠠᠯ ᠱᠠᠩᠨᠠᠵᠣ ᠬᠤᠴᠣᠷᠣᠨ᠎ᠠ        ᠲᠡᠨᠳᠡ ᠪᠠᠨ ᠡᠵᠢ ᠠᠪᠤ ᠨᠢ ᠬᠦᠰᠡᠯ ᠲᠠᠯᠪᠢᠵᠤ ᠰᠦᠰᠦᠭᠯᠡᠨ᠎ᠡ        ᠡᠬᠢᠯᠡᠭᠡᠳ ᠡᠷᠦᠬᠡ ᠭᠡᠷ ᠲᠤ ᠪᠠᠨ ᠵᠥᠩᠨᠡᠯ ᠲᠠᠯᠪᠢᠵᠤ ᠰᠠᠯᠣᠯᠴᠠᠨ᠎ᠠ        ᠡᠴᠦᠰ ᠲᠤ ᠪᠠᠨ ᠡᠬᠡ ᠣᠷᠣᠨ ᠤ ᠪᠠᠨ ᠨᠠᠶᠢᠳᠠᠯᠭ᠎ᠠ ᠲᠠᠢ ᠪᠠᠷ ᠮᠣᠷᠳᠠᠨ᠎ᠠ                ᠶᠠᠭᠤᠨ ᠤ ᠲᠦᠯᠦᠭᠡ ᠭᠡᠳᠡᠭ ᠢᠶᠠᠨ ᠲᠡᠳᠡ ᠮᠡᠳᠡᠨ᠎ᠡ        ᠶᠠᠭᠠᠬᠢᠬᠤ ᠳᠤ ᠪᠠᠨ ᠭᠡᠰᠡᠨ ᠢ ᠬᠡᠨ ᠠᠴᠠ ᠴᠦ ᠢᠯᠡᠭᠦᠣ ᠪᠢᠳᠡ ᠣᠶᠢᠯᠠᠭᠠᠨ᠎ᠠ        ᠶᠡᠷᠣ ᠶᠢᠨ ᠮᠦᠷᠲᠡᠭᠡᠨ ᠠᠭᠤᠣ ᠶᠡᠭᠡ ᠰᠣᠩᠭᠤᠯᠲᠠ ᠢ ᠨᠢ ᠴᠢ ᠳᠠᠭᠤᠯᠠᠨ᠎ᠠ        ᠢᠳᠡᠭᠡᠯ ᠨᠠᠶᠢᠳᠠᠯᠭ᠎ᠠ ᠬᠦᠰᠡᠯ ᠵᠡᠭᠦᠳᠦ ᠶᠢ ᠨᠢ ᠪᠢ ᠤᠶᠠᠩᠭᠠᠯᠠᠨ᠎ᠠ                ᠶᠡᠭᠡ ᠬᠠᠶᠢᠷ᠎ᠠ ᠬᠢᠵᠠᠭᠠᠷ ᠦᠭᠡᠢ        ᠢᠷᠭᠤᠢ ᠴᠡᠴᠡᠭ ᠳᠡᠯᠭᠡᠷᠡᠬᠦ ᠦᠶ᠎ᠡ ᠶᠢᠨ ᠲᠠᠨ ᠤ ᠢᠨᠢᠶᠡᠮᠰᠦᠭᠯᠡᠯ ᠮᠠᠨ ᠤ ᠬᠢ        ᠣᠷᠢᠨ ᠳᠤᠯᠠᠭᠠᠬᠠᠨ ᠬᠠᠪᠣᠷ ᠠᠶᠢᠰᠣᠢ        ᠤᠶᠠᠬᠠᠨ ᠡᠭᠡᠰᠢᠭ ᠬᠠᠩᠭᠢᠨᠠᠬᠤ ᠦᠶ᠎ᠡ ᠶᠢᠨ ᠴᠢᠨᠤ ᠢᠯᠠᠯᠲᠠ ᠪᠦᠬᠦᠨ ᠤ ᠬᠢ                  ᠵᠠᠮ ᠢᠶᠠᠨ ᠡᠪᠬᠡᠵᠤ ᠦᠵᠡᠰᠭᠦᠯᠡᠩᠲᠦ ᠬᠤᠲᠠ ᠦᠷᠪᠢᠰᠦᠨ᠎ᠡ        ᠵᠠᠶᠠᠭ᠎ᠠ ᠪᠠᠨ ᠬᠤᠯᠪᠣᠵᠣ ᠡᠷᠡᠭᠦᠯᠵᠢᠯ ᠤᠨ ᠪᠠᠶᠢᠯᠳᠣᠭᠴᠢᠳ ᠪᠠᠶᠢᠯᠳᠣᠨ᠎ᠠ        ᠵᠠᠬ᠎ᠠ ᠬᠢᠵᠠᠭᠠᠷ ᠢᠶᠠᠨ ᠪᠢᠳᠡᠭᠦᠮᠵᠢᠯᠡᠵᠤ ᠠᠷᠠᠳ ᠣᠯᠠᠨ ᠭᠡᠯᠮᠡᠭᠳᠡᠨ᠎ᠡ        ᠵᠠᠰᠠᠭ ᠢᠶᠠᠨ ᠬᠦᠷᠢᠶᠡᠯᠡᠵᠤ ᠡᠩᠬᠡ ᠶᠢᠨ ᠡᠯᠴᠢᠳ ᠲᠡᠮᠡᠴᠡᠨ᠎ᠡ                ᠪᠣᠴᠠᠵᠤ ᠢᠷᠡᠬᠦ ᠳᠤ ᠨᠢ ᠪᠣᠲᠣᠩ ᠢᠶᠠᠨ ᠡᠷᠭᠦᠵᠤ ᠲᠠᠨ ᠢ ᠪᠠᠨ ᠣᠭᠲᠣᠨ᠎ᠠ        ᠪᠣᠶᠠᠨ ᠥᠢᠯᠡᠳᠬᠦ ᠨᠢ ᠭᠡᠵᠤ ᠪᠦᠭᠦᠳᠡ ᠪᠠᠷ ᠢᠶᠠᠨ ᠲᠠᠨ ᠳᠤ ᠴᠡᠴᠡᠭ ᠬᠦᠷᠭᠡᠨ᠎ᠡ        ᠬᠠᠷᠢᠵᠤ ᠢᠷᠡᠬᠦ ᠳᠤ ᠨᠢ ᠬᠠᠳᠠᠭ ᠢᠶᠠᠨ ᠪᠠᠷᠢᠵᠤ ᠲᠠᠨ ᠢ ᠪᠠᠨ ᠲᠣᠰᠣᠨ᠎ᠠ        ᠬᠠᠪᠣᠷ ᠪᠣᠯᠬᠤ ᠨᠢ ᠭᠡᠵᠤ ᠬᠠᠮᠤᠭ ᠤᠳ ᠲᠠᠨ ᠳᠤ ᠪᠠᠨ ᠬᠠᠶᠢᠷ᠎ᠠ ᠢᠪᠢᠯᠦᠨ᠎ᠡ                ᠦᠮᠡᠬᠡᠢ ᠬᠢᠵᠢᠭ ᠢ ᠦᠯᠳᠡᠨ ᠬᠦᠭᠡᠭᠡᠵᠤ ᠡᠴᠦᠰ ᠤᠨ ᠢᠯᠯᠠᠳᠠ ᠣᠯᠣᠨ᠎ᠠ        ᠡᠷᠡᠯᠬᠡᠭ ᠪᠠᠭᠠᠲᠣᠷᠯᠢᠭ ᠢ ᠨᠢ ᠦᠨᠡᠯᠡᠵᠤ ᠰᠦᠬᠦᠷᠡᠨ ᠡᠬᠡ ᠣᠷᠣᠨ ᠴᠢᠨᠢ ᠮᠡᠳᠡᠷᠡᠨ᠎ᠡ        ᠡᠷᠳᠡ ᠡᠳᠦᠭᠡ ᠳᠤ ᠭᠠᠶᠢᠬᠠᠮᠰᠢᠭ ᠢ ᠡᠭᠦᠳᠦᠨ ᠡᠩᠬᠡ ᠲᠠᠶᠢᠪᠣᠩ ᠢ ᠠᠪᠴᠢᠷᠠᠨ᠎ᠠ        ᠡᠷᠡᠭᠦᠯ ᠡᠩᠬᠡ ᠶᠢᠨ ᠡᠯᠴᠢ ᠶᠢᠨ ᠳᠠᠭᠤᠯᠠᠯ ᠡᠭᠦᠷᠢᠳᠡ ᠮᠦᠩᠬᠡᠷᠡᠨ᠎ᠡ ᠡ᠂᠂᠂    
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号