ᠦᠩᠭᠡᠷᠡᠵᠦ ᠤᠳᠤᠬᠰᠠᠨ ᠡᠳᠦᠷ ᠬᠤᠨᠤᠭ ᠡ
ᠨᠡᠶᠢᠲᠡᠯᠡᠭᠰᠡᠨ ᠴᠠᠭ᠄
2020/7/30
     ᠵᠤᠬᠢᠶᠠᠬᠴᠢ᠄ ᠦᠪᠤᠷ ᠮᠤᠩᠭᠤᠯ᠂ ᠬᠢᠩᠭᠠᠨ᠂ ᠨᠠᠷᠡᠨᠮᠠᠨᠳᠤᠯ᠎ᠠ      ᠦᠵᠡᠬᠦ ᠶᠢᠨ ᠬᠤᠭᠤᠷᠤᠨᠳᠤ ᠦᠩᠭᠡᠷᠡᠭᠰᠡᠨ        ᠦᠳᠡᠯᠵᠦ ᠪᠦᠭᠳᠦᠶᠢᠬᠦ ᠰᠢᠨᠵᠢ ᠤᠷᠤᠬᠰᠠᠨ        ᠦᠰᠦ ᠶᠢ ᠮᠢᠨᠢ ᠴᠠᠭᠠᠨ ᠢᠶᠠᠷ ᠪᠤᠳᠤᠬᠯᠠᠬᠰᠠᠨ        ᠦᠩᠭᠡᠷᠡᠵᠦ ᠤᠳᠤᠬᠰᠠᠨ ᠡᠳᠦᠷ ᠬᠤᠨᠤᠭ ᠡ        ᠬᠠᠷᠠᠬᠤ ᠶᠢᠨ ᠬᠤᠭᠤᠷᠤᠨᠳᠤ ᠬᠠᠯᠢᠵᠦ ᠤᠳᠤᠬᠰᠠᠨ        ᠬᠠᠶᠢᠷᠠᠬᠠᠨ ᠵᠠᠯᠠᠭᠤ ᠨᠠᠰᠤ ᠶᠢ ᠠᠪᠴᠦ ᠤᠳᠤᠬᠰᠠᠨ        ᠬᠠᠮᠤᠭ ᠪᠦᠬᠦᠨ ᠢ ᠬᠠᠭᠤᠴᠢᠷᠠᠭᠤᠯᠤᠬᠰᠠᠨ        ᠬᠠᠨ ᠬᠤᠷᠸ᠎ᠠ ᠶᠢᠨ ᠡᠳᠦᠷ ᠬᠤᠨᠤᠭ ᠡ          ᠢᠷᠡᠭᠡᠳᠦᠢ ᠶᠢ ᠦᠨᠦᠳᠦᠷ ᠲᠠᠢ ᠵᠤᠯᠭᠠᠭᠤᠯᠤᠬᠰᠠᠨ        ᠮᠠᠷᠭᠠᠰᠢ ᠶᠢᠨ ᠨᠡᠷᠡ ᠶᠢ ᠮᠠᠩᠬᠠᠨ ᠤ ᠴᠠᠭᠠᠨ᠎ᠠ ᠠᠴᠠ ᠲᠠᠭᠤᠳᠠᠬᠰᠠᠨ        ᠮᠠᠨᠳᠤᠬᠤ ᠦᠷ ᠤᠨ ᠬᠡᠬᠡ ᠶᠢ ᠰᠡᠷᠡᠭᠡᠭᠰᠡᠨ        ᠮᠠᠭᠠᠳ ᠦᠬᠡᠢ ᠦᠩᠭᠡᠷᠡᠭᠰᠡᠨ ᠡᠳᠦᠷ ᠬᠤᠨᠤᠭ ᠡ                ᠤᠯᠤᠭᠠᠳ ᠬᠠᠨᠤᠳᠠᠭ ᠦᠬᠡᠢ ᠤᠷᠴᠢᠯᠠᠩ ᠤᠨ ᠵᠢᠮ᠎ᠠ ᠲᠠᠢ        ᠤᠯᠤᠬᠰᠠᠨ ᠢᠶᠠᠨ ᠨᠡᠨᠳᠢᠩᠨᠡᠵᠦ ᠴᠢᠳᠠᠭ᠎ᠠ ᠦᠬᠡᠢ        ᠪᠠᠶᠢᠭ᠎ᠠ ᠵᠦᠢᠯ ᠢᠶᠠᠨ ᠦᠵᠡᠨ ᠶᠠᠳᠠᠳᠠᠭ ᠦᠬᠡᠢ        ᠲᠡᠷᠡ ᠪᠠᠶᠢᠪᠠᠯ ᠰᠠᠶᠢᠬᠠᠨ ᠬᠡᠳ        ᠠᠯᠳᠠᠬᠰᠠᠨ ᠬᠤᠶᠢᠨ᠎ᠠ ᠦᠨ᠎ᠡ ᠶᠢ ᠨᠢ ᠰᠡᠷᠡᠳᠡᠭ        ᠠᠶᠢᠵᠢᠮ ᠨᠢ ᠤᠯᠳᠠᠳᠠᠭ ᠦᠬᠡᠢ ᠡᠳᠦᠷ ᠬᠤᠨᠤᠭ ᠡ                ᠮᠤᠩᠭᠤᠯ ᠦᠰᠦᠭ ᠢᠶᠠᠨ ᠬᠡᠯᠬᠢᠨ ᠰᠠᠭᠤᠬᠰᠠᠨ        ᠮᠤᠯᠤᠷ ᠡᠷᠳᠡᠨᠢ ᠶᠢᠨ ᠰᠢᠮ᠎ᠠ ᠶᠢ ᠬᠦᠷᠳᠡᠭᠰᠡᠨ        ᠮᠠᠨ ᠤ ᠮᠤᠩᠭᠤᠯ ᠪᠠᠭᠠᠳᠤᠷ ᠪᠠᠶᠢᠬᠰᠠᠨ        ᠮᠠᠨᠳᠤᠵᠦ ᠨᠢᠬᠡ ᠦᠶ᠎ᠡ ᠲᠡᠯᠡᠬᠡᠢ ᠶᠢ ᠴᠡᠴᠡᠷᠡᠬᠦᠯᠦᠭᠰᠡᠨ              ᠡᠯᠢᠬᠡ ᠵᠢᠷᠦᠬᠡ᠂ ᠡᠨᠡ ᠪᠡᠶ᠎ᠡ ᠪᠠᠷ ᠢᠶᠠᠨ        ᠡᠷᠬᠢᠯᠳᠦᠨ ᠲᠤᠬᠳᠤᠯᠤᠬᠰᠠᠨ ᠡᠳᠦᠷ ᠬᠤᠨᠤᠭ          ᠦᠬᠡᠢ᠂ ᠲᠡᠷᠡ ᠴᠢᠨᠢ ᠦᠴᠦᠬᠡᠳᠦᠷ        ᠵᠡᠬᠦᠳᠦᠯᠡᠵᠦ ᠨᠢᠬᠡᠨ ᠮᠦᠴᠡ ᠰᠤᠴᠢᠬᠰᠠᠨ ᠬᠡᠮᠡᠷ              ᠠᠷᠪᠠᠨ ᠵᠦᠭ ᠢ ᠰᠢᠷᠳᠡᠨ ᠠᠵᠢᠬᠤ ᠳᠤ        ᠠᠯᠢᠪᠠ ᠪᠦᠬᠦᠨ ᠬᠠᠷᠠᠩᠭᠤᠢ ᠳᠤ ᠵᠠᠯᠬᠢᠬᠳᠠᠬᠰᠠᠨ ᠬᠡᠮᠡᠷ        ᠶᠠᠭᠤ ᠴᠦ ᠦᠬᠡᠢ᠂ ᠴᠢᠮᠡᠭᠡ ᠴᠦ ᠦᠬᠡᠢ        ᠦᠩᠭᠡᠷᠡᠵᠦ ᠤᠳᠤᠬᠰᠠᠨ ᠡᠳᠦᠷ ᠬᠤᠨᠤᠭ ᠡ︕      
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号