ᠨᠤᠮ ᠤᠩᠰᠢᠬᠤ ᠰᠠᠶᠢᠬᠠᠨ
ᠨᠡᠶᠢᠲᠡᠯᠡᠭᠰᠡᠨ ᠴᠠᠭ᠄
2020/7/8
     ᠵᠤᠬᠢᠶᠠᠬᠴᠢ᠄ ᠦᠪᠤᠷ ᠮᠤᠩᠭᠤᠯ᠂ ᠬᠢᠩᠭᠠᠨ᠂ ᠰ᠊᠂ ᠬᠤᠷᠴᠢᠨᠬᠦᠤ      ︵ᠲᠡᠯᠡᠬᠡᠢ ᠶᠢᠨ ᠨᠤᠮ ᠤᠩᠰᠢᠬᠤ ᠡᠳᠦᠷᠯᠢᠭ ᠲᠤ︶                        ᠨᠤᠮ ᠳᠤ ᠨᠠᠷᠠᠨ ᠰᠠᠷᠠᠨ ᠤ ᠭᠢᠯᠪᠠᠭ᠎ᠠ ᠲᠠᠢ ᠪᠢᠯᠡ        ᠨᠤᠮ ᠳᠤ ᠨᠠᠶᠢᠷᠠᠭ ᠰᠢᠯᠦᠭ ᠤᠨ ᠤᠩᠭᠤᠳ ᠲᠠᠢ ᠪᠢᠯᠡ        ᠨᠤᠮ ᠳᠤ ᠨᠤᠳᠤᠭ ᠤᠰᠤᠨ ᠤ ᠠᠮᠢ ᠲᠠᠢ ᠪᠢᠯᠡ        ᠨᠤᠮ ᠳᠤ ᠨᠡᠭᠦᠳᠡᠯ ᠠᠮᠢᠳᠤᠷᠠᠯ ᠤᠨ ᠬᠦᠳᠦᠴᠢ ᠲᠠᠢ ᠪᠢᠯᠡ︕          ᠨᠤᠮ ᠳᠤ ᠨᠤᠮᠢᠨ ᠨᠤᠭᠤᠭᠠᠨ ᠬᠦᠰᠡᠯᠡᠩ ᠲᠠᠢ ᠪᠢᠯᠡ        ᠨᠤᠮ ᠳᠤ ᠨᠤᠭᠤᠷᠡᠯ ᠪᠦᠳᠦᠷᠢᠯ ᠤᠨ ᠲᠠᠮᠳᠤᠭ ᠲᠠᠢ ᠪᠢᠯᠡ        ᠨᠤᠮ ᠳᠤ ᠴᠡᠪᠡᠷ ᠲᠤᠩᠭᠠᠯᠠᠭ ᠲᠤᠯᠢ ᠲᠠᠢ ᠪᠢᠯᠡ        ᠨᠤᠮ ᠳᠤ ᠤᠩᠭᠤᠨ ᠰᠢᠳᠦᠭᠡᠨᠳᠦ ᠤᠪᠤᠭ᠎ᠠ ᠲᠠᠢ ᠪᠢᠯᠡ︕          ᠨᠤᠮ ᠳᠤ ᠤᠷᠤᠰᠬᠠᠯᠳᠤ ᠭᠤᠣᠯ ᠤᠨ ᠤᠮᠳᠠ ᠲᠠᠢ ᠪᠢᠯᠡ        ᠨᠤᠮ ᠳᠤ ᠦᠨᠳᠦᠷ ᠠᠭᠤᠯᠠᠰ ᠤᠨ ᠲᠦᠰᠢᠯᠭᠡ ᠲᠠᠢ ᠪᠢᠯᠡ        ᠨᠤᠮ ᠳᠤ ᠦᠷᠭᠡᠨ ᠮᠦᠷᠡᠨ ᠤ ᠲᠠᠪᠠᠯᠭᠠᠨ ᠲᠠᠢ ᠪᠢᠯᠡ        ᠨᠤᠮ ᠳᠤ ᠦᠯᠡᠳᠡᠭᠳᠡᠯ ᠲᠡᠦᠬᠡ ᠶᠢᠨ ᠪᠠᠭᠤᠷᠠᠢ ᠲᠠᠢ ᠪᠢᠯᠡ︕          ᠨᠤᠮ ᠳᠤ ᠬᠠᠯᠠᠭᠤᠨ ᠰᠡᠳᠭᠢᠯᠳᠦ ᠡᠯᠢᠭᠡᠳᠡᠨ ᠲᠠᠢ ᠪᠢᠯᠡ        ᠨᠤᠮ ᠳᠤ ᠬᠠᠶᠢᠷ᠎ᠠ ᠠᠷᠢᠭᠤᠬᠠᠨ ᠵᠢᠷᠦᠬᠡᠳᠡᠨ ᠲᠠᠢ ᠪᠢᠯᠡ        ᠨᠤᠮ ᠳᠤ ᠬᠠᠨᠠᠭᠠᠷ ᠠᠭᠤᠵᠢᠮᠬᠠᠨ ᠰᠡᠳᠭᠢᠯᠳᠡᠨ ᠲᠠᠢ ᠪᠢᠯᠡ        ᠨᠤᠮ ᠳᠤ ᠢᠷᠠᠭᠤ ᠨᠠᠶᠢᠷᠠᠭᠴᠢ ᠶᠢᠨ ᠤᠯᠪᠠᠭ᠎ᠠ ᠲᠠᠢ ᠪᠢᠯᠡ︕  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号