ᠠᠮᠠᠨ ᠪᠡᠯᠭᠡ ᠪᠠᠷ ᠠᠰᠢᠳᠡ ᠶᠢᠨ ᠪᠡᠯᠭᠡ
ᠨᠡᠶᠢᠲᠡᠯᠡᠭᠰᠡᠨ ᠴᠠᠭ᠄
2020/8/13
     ᠵᠤᠬᠢᠶᠠᠬᠴᠢ᠄ ᠦᠪᠤᠷ ᠮᠤᠩᠭᠤᠯ᠂ ᠬᠢᠩᠭᠠᠨ᠂ ᠪᠤᠷᠵᠢᠬᠢᠨ᠂ ᠤᠯᠠᠭᠠᠨᠳᠤᠶᠠᠭ᠎ᠠ      ᠮᠤᠩᠭᠤᠯᠴᠤᠤᠨ ᠡᠷᠳᠡᠨ ᠠᠴᠠ ᠮᠤᠩᠭᠤᠯ ᠦᠭᠡ ᠶᠢᠨ ᠬᠦᠴᠤ ᠶᠢ ᠮᠡᠳᠡᠷᠡᠳᠡᠭ ᠪᠠᠶᠢᠭᠰᠠᠨ ᠠᠴᠠ ᠦᠭᠡ ᠶᠢᠨ ᠰᠠᠶᠢᠨ ᠢ ᠶᠠᠷᠢᠳᠠᠭ᠂ ᠢᠷᠤᠭᠡᠯ ᠤᠨ ᠰᠠᠶᠢᠬᠠᠨ ᠢ ᠬᠦᠮᠤᠨ ᠳᠤ ᠪᠡᠯᠡᠭᠯᠡᠳᠡᠭ᠃ ᠮᠤᠩᠭᠤᠯᠴᠤᠤᠨ ᠦᠭᠡ ᠪᠠᠷ ᠬᠦᠮᠤᠨ ᠢ ᠠᠮᠢᠳᠤᠷᠠᠭᠤᠯᠵᠤ ᠪᠤᠯᠤᠨ᠎ᠠ᠂ ᠦᠭᠡ ᠪᠠᠷ ᠪᠠᠰᠠ ᠬᠦᠮᠤᠨ ᠢ ᠦᠬᠦᠬᠦᠯᠵᠤ ᠪᠤᠯᠤᠨ᠎ᠠ᠂ ᠢᠷᠤᠭᠡᠯ ᠤᠨ ᠦᠵᠦᠬᠦᠷ ᠲᠤᠰᠤ᠂ ᠬᠠᠷᠢᠶᠠᠯ ᠤᠨ ᠦᠵᠦᠬᠦᠷ ᠴᠢᠰᠤ ᠭᠡᠳᠡᠭ᠂ ᠦᠭᠡ ᠭᠡᠳᠡᠭ ᠪᠤᠯ ᠠᠰᠤᠷᠤ ᠬᠦᠴᠤ ᠲᠠᠢ ᠡᠨ᠋ᠷᠧᠬᠢ ᠲᠠᠢ ᠭᠡᠳᠡᠭ ᠢ ᠲᠡᠯᠡᠭᠡᠢ ᠶᠢᠷᠳᠢᠴᠤ ᠢᠶᠠᠷ ᠲᠤᠳᠤᠯᠠᠵᠠᠢ᠃ ᠶᠠᠫᠣᠨ ᠤ ᠡᠷᠳᠡᠮᠳᠡᠨ ᠴᠡᠪᠡᠷ ᠤᠰᠤᠨ ᠳᠤ ᠠᠰᠤᠷᠤ ᠶᠡᠭᠡ ᠬᠦᠴᠤᠨ ᠪᠤᠢ ᠭᠡᠳᠡᠭ ᠵᠤᠬᠢᠶᠠᠯ ᠳᠠᠭᠠᠨ ᠤᠰᠤ ᠶᠢ ᠬᠤᠶᠠᠷ ᠬᠠᠭᠠᠯᠭ᠎ᠠ ᠳᠤ ᠲᠠᠯᠪᠢᠵᠤ᠂ ᠬᠤᠶᠠᠷ ᠪᠦᠯᠤᠭ᠌ ᠤᠶᠤᠳᠡᠨ ᠢ ᠬᠤᠶᠠᠷ ᠬᠠᠭᠠᠯᠭ᠎ᠠ  ᠪᠠᠷ ᠤᠷᠤᠬᠤ ᠦᠶᠡᠰ᠂ ᠨᠢᠭᠡ ᠬᠠᠭᠠᠯᠭ᠎ᠠ ᠳᠤ ᠨᠢ ᠤᠷᠤᠬᠤ ᠦᠶᠡᠰ ᠤᠶᠤᠳᠠᠨ ᠰᠠᠶᠢᠨ ᠰᠠᠶᠢᠬᠠᠨ ᠪᠡᠯᠭᠡ ᠲᠠᠮᠪᠡᠷᠢᠯ  ᠲᠠᠢ ᠦᠭᠡ ᠶᠠᠷᠢᠵᠤ ᠤᠷᠤᠳᠠᠭ ᠬᠠᠭᠠᠯᠭᠠᠨ ᠤ ᠤᠰᠤ ᠨᠢ ᠲᠤᠯᠤᠭᠠᠨ ᠬᠤᠨᠤᠭ ᠪᠤᠯᠳᠠᠯ᠎ᠠ ᠶᠠᠮᠠᠷ ᠪᠤᠵᠠᠷᠳᠤᠯ ᠦᠭᠡᠢ ᠲᠤᠪ ᠲᠤᠩᠭᠠᠯᠠᠭ ᠤᠭ ᠤᠨ ᠬᠡᠪ ᠢᠶᠠᠷ᠂ ᠨᠦᠬᠦᠭᠡ ᠬᠠᠭᠠᠯᠭ᠎ᠠ ᠢᠶᠠᠷ ᠤᠷᠤᠬᠤ ᠦᠶᠡᠰ ᠲᠡᠩᠳᠡ ᠮᠠᠭᠤᠬᠠᠢ ᠦᠭᠡ ᠶᠠᠷᠢᠳᠠᠭ ᠤᠰᠤ ᠨᠢ ᠭᠤᠷᠪᠡ ᠬᠤᠨᠤᠭ ᠪᠤᠯᠤᠭᠰᠠᠨ ᠦᠭᠡᠢ ᠦᠨᠤᠷ ᠤᠷᠤᠵᠤ ᠬᠠᠪ ᠬᠠᠷ᠎ᠠ ᠦᠡᠭᠭᠡ ᠲᠠᠢ ᠪᠤᠯᠵᠤ ᠤᠷᠬᠢᠭᠰᠠᠨ ᠪᠠᠶᠢᠯ᠎ᠠ᠃ ᠰᠠᠶᠢᠨ ᠦᠭᠡ ᠶᠠᠷᠢᠵᠤ ᠤᠷᠤᠭᠰᠠᠨ ᠤᠶᠤᠳᠠᠤᠨ ᠨᠢ  ᠤᠯᠠᠮ ᠵᠦᠪ ᠭᠤᠶᠤ ᠵᠢᠰᠤ ᠲᠠᠢ ᠪᠤᠯᠤᠨ ᠬᠤᠪᠢᠷᠠᠵᠤ᠂ ᠬᠠᠴᠠᠷ ᠨᠢᠭᠤᠷ ᠨᠢ ᠤᠯᠠᠶᠢᠵᠤ ᠨᠡᠯᠡᠶᠢᠵᠤ᠂ ᠵᠤᠷᠢᠭ᠂ ᠤᠮᠤᠭ ᠪᠠᠳᠠᠷᠠᠩᠭᠤᠢ ᠪᠤᠯᠵᠠᠢ᠃ ᠨᠦᠬᠦᠭᠡ ᠮᠠᠭᠤᠬᠠᠢ ᠦᠭᠡ ᠬᠡᠯᠡᠵᠤ ᠤᠷᠤᠭᠰᠡᠨ ᠤᠶᠤᠳᠠᠤᠨ ᠨᠢ ᠬᠠᠴᠠᠷ ᠨᠢ ᠠᠷᠵᠠᠶᠢᠵᠤ ᠪᠤᠷᠵᠠᠶᠢᠵᠤ᠂ ᠤᠮᠤᠭ ᠰᠦᠯᠳᠡ ᠢ ᠨᠢ ᠬᠡᠪᠳᠡᠵᠤ᠂ ᠡᠪᠡᠤᠡᠴᠢᠨ ᠲᠠᠬᠤᠯ ᠬᠦᠷᠳᠡᠳᠡᠭ ᠪᠤᠯᠵᠠᠢ᠃          ᠵᠢᠷ ᠤᠨ ᠤᠰᠤᠨ ᠳᠤ ᠪᠠᠰᠠ ᠦᠭᠡ ᠶᠢᠨ ᠬᠦᠴᠤ ᠦᠭᠡ ᠶᠢᠨ ᠡᠨ᠋ᠷᠧᠬᠢ ᠲᠠᠢ ᠭᠡᠳᠡᠭ᠂ ᠦᠭᠡ ᠭᠡᠳᠡᠭ ᠡᠶᠢᠮᠤ ᠶᠡᠭᠡ ᠬᠦᠴᠤᠨ ᠲᠠᠢ ᠭᠡᠳᠡᠭ ᠢ ᠠᠳᠡ ᠰᠠᠶᠢᠬᠠᠨ ᠲᠤᠳᠤᠯᠠᠵᠠᠢ᠂ ᠠᠯᠢᠪᠡ ᠪᠡᠶᠡᠳᠤ ᠳᠤ ᠪᠦᠷ ᠡᠨ᠋ᠷᠧᠬᠢ ᠶᠢᠨ ᠬᠦᠴᠤ ᠪᠠᠶᠢᠳᠠᠭ᠂ ᠪᠠᠰᠠ ᠡᠨ᠋ᠷᠧᠬᠢ ᠶᠢ ᠰᠢᠩᠭᠡᠭᠡᠵᠤ ᠠᠪᠤᠳᠠᠭ᠂ ᠬᠦᠮᠤᠨ ᠳᠤ ᠪᠠᠰᠠ ᠲᠠᠯᠠᠨ ᠬᠤᠪᠢ ᠶᠢᠨ ᠤᠰᠤ ᠪᠠᠶᠢᠳᠠᠭ᠂ ᠬᠦᠮᠤᠨ ᠳᠤ ᠮᠠᠭᠤ ᠦᠭᠡ ᠶᠠᠷᠢᠪᠡᠯ ᠪᠡᠶ᠎ᠡ ᠴᠢᠨᠢ ᠬᠢᠮᠤᠷᠡᠵᠤ᠂ ᠰᠦᠷ ᠰᠦᠯᠳᠡ ᠦᠭᠡᠢ᠂ ᠰᠡᠤᠨᠬᠢᠯ ᠰᠠᠨᠠᠭ᠎ᠠ ᠲᠤᠭᠳᠠᠪᠤᠷᠢ ᠦᠭᠡᠢ ᠪᠤᠯᠵᠤ᠂ ᠦᠪᠡᠷ ᠢᠶᠠᠨ ᠡᠪᠡᠤᠡᠴᠢᠯᠡᠳᠡᠭ᠂ ᠬᠠᠭᠠᠴᠠᠰᠢ ᠦᠭᠡᠢ ᠰᠠᠶᠢᠨ ᠨᠦᠬᠦᠷ ᠲᠡᠭᠡᠨ ᠮᠠᠷᠳᠠᠰᠢ ᠦᠭᠡᠢ ᠮᠠᠭᠤᠬᠠᠢ ᠦᠭᠡ ᠶᠢ ᠪᠤᠤ ᠬᠡᠯᠡ᠂ ᠦᠷᠤᠭᠡᠯ ᠳᠤ ᠰᠠᠶᠢᠨ ᠦᠭᠡ ᠶᠠᠷᠢᠵᠤ ᠰᠠᠶᠢᠬᠠᠨ ᠶᠠᠭᠤᠮ᠎ᠠ ᠶᠠᠷᠢᠪᠡᠯ ᠪᠢᠳᠡ ᠬᠤᠭᠤᠷᠤᠨᠳᠤ ᠪᠠᠨ ᠵᠦᠪ ᠡᠨ᠋ᠷᠧᠬᠢ ᠲᠠᠢ ᠪᠤᠯᠵᠤ᠂ ᠠᠯᠢᠪᠡ ᠵᠦᠢᠯᠡᠰ ᠢᠳᠡ ᠬᠦᠴᠤᠨ ᠲᠠᠢ ᠪᠤᠯᠳᠠᠭ᠃ ᠰᠠᠶᠢᠨ ᠦᠭᠡ ᠶᠠᠷᠢᠪᠡᠯ ᠲᠤᠬᠠᠢ ᠶᠢᠨ ᠬᠦᠮᠤᠨ ᠢ ᠪᠠᠶᠠᠰᠬᠠᠵᠤ᠂ ᠲᠤᠬᠠᠢ ᠶᠢᠨ ᠬᠦᠮᠤᠨ ᠤ ᠪᠡᠶ᠎ᠡ ᠰᠡᠤᠨᠬᠢᠯ ᠢ ᠡᠶᠡᠷᠬᠦ ᠡᠨ᠋ᠷᠧᠬᠢ ᠵᠦᠭ ᠴᠡᠨᠡᠭᠯᠡᠵᠤ᠂ ᠡᠷᠡᠬᠦᠯ ᠴᠢᠬᠢᠷᠠᠭ ᠪᠤᠯᠭᠠᠵᠤ᠂ ᠠᠵᠢᠯ ᠠᠮᠵᠢᠯᠳᠠ ᠲᠠᠢ᠂ ᠡᠷᠤᠭᠡ ᠭᠡᠷ ᠨᠢ ᠪᠠᠶᠠᠷ ᠪᠠᠶᠠᠰᠬᠤᠯᠠᠩ ᠲᠠᠢ ᠲᠤᠷᠤᠨᠠᠳᠠᠬᠢᠨ ᠤ ᠬᠡᠯᠡ ᠪᠠᠷ ᠬᠢᠳᠡᠭ ᠲᠦᠷᠪᠡᠨ ᠮᠦᠬᠦᠯ ᠪᠠᠶᠢᠳᠠᠭ᠂ ᠬᠤᠪᠴᠢ ᠵᠡᠬᠦᠬᠦ᠂ ᠬᠤᠳᠠᠯ ᠬᠡᠯᠡᠬᠦ᠂ ᠲᠡᠮᠡᠢ ᠴᠠᠯᠴᠢᠬᠤ᠂ ᠬᠠᠰᠢᠭᠯᠠᠵᠤ ᠨᠡᠮᠡᠵᠤ ᠶᠠᠷᠢᠬᠤ ᠨᠢ ᠪᠦᠷ ᠬᠦᠮᠤᠨ ᠳᠤ ᠰᠦᠭᠡᠷᠬᠦ ᠡᠨ᠋ᠷᠧᠬᠢ ᠦᠭᠳᠡᠭ᠂ ᠪᠤᠰᠤᠤᠨ ᠤᠨ ᠲᠤᠳᠠᠭᠳᠠᠯ ᠪᠤᠶᠤ ᠪᠤᠰᠤᠤᠨ ᠢ ᠨᠡᠮᠡᠵᠤ ᠶᠠᠷᠢᠬᠤ ᠪᠤᠶᠤ ᠬᠦᠤᠡᠬᠡᠨ ᠶᠠᠷᠢᠳᠠᠭ᠂ ᠰᠢᠪᠡᠷᠡᠭᠡ ᠪᠤᠷᠤᠭᠠᠨ ᠬᠤᠪᠴᠠᠰᠤ ᠶᠢ ᠨᠤᠷᠭᠠᠳᠠᠭ᠂ ᠰᠢᠪᠡᠭᠡᠨ ᠤ ᠦᠭᠡ ᠡᠪ ᠡᠪᠳᠡᠨ᠎ᠡ ᠭᠡᠳᠡᠭ ᠬᠤᠪ ᠵᠢᠪ ᠭᠡᠳᠡᠭ ᠨᠢ ᠬᠦᠮᠤᠨ ᠤ ᠬᠤᠭᠤᠷᠤᠨᠳᠤ ᠶᠢ ᠡᠪ ᠢ ᠡᠪᠳᠡᠨ ᠰᠦᠭᠡᠷᠬᠦ ᠡᠰᠡᠷᠬᠦ ᠮᠠᠭᠤ ᠲᠠᠯ᠎ᠠ ᠪᠠᠶᠢᠳᠠᠭ᠃          ᠬᠦᠮᠤᠨ ᠠᠭᠤᠷᠯᠠᠬᠤ ᠳᠤ ᠲᠠᠷᠢᠬᠢᠨ ᠳᠤ ᠮᠠᠭᠤ ᠬᠡᠢ ᠢᠯᠭᠠᠷᠠᠳᠠᠭ ᠭᠡᠳᠡᠭ᠂ ᠪᠡᠶ᠎ᠡ ᠮᠠᠬᠠᠪᠤᠤᠨ ᠨᠢ ᠮᠠᠭᠤᠳᠠᠵᠤ᠂ ᠢᠨᠢᠶᠡᠳᠤ ᠪᠠᠷ ᠲᠦᠬᠦᠷᠡᠩ ᠠᠶᠢᠯ ᠭᠡᠷ᠂ ᠠᠯᠪᠡᠨ ᠪᠠᠶᠢᠭᠤᠯᠤᠯᠭ᠎ᠠ ᠬᠤᠭᠤᠷᠤᠨᠳᠤ ᠪᠠᠨ ᠢᠨᠢᠶᠡᠳᠤ ᠲᠦᠬᠦᠷᠡᠩ ᠪᠤᠯ ᠶᠠᠭᠤᠮ᠎ᠠ ᠪᠦᠬᠦᠨ ᠦᠭᠡᠳᠡ ᠪᠠᠶᠢᠳᠠᠭ᠃          ᠬᠡᠷᠡᠭ ᠦᠭᠡᠢ ᠶᠠᠭᠤᠮᠠᠨ ᠤ ᠲᠦᠯᠤᠭᠡ ᠤᠯᠠᠨ ᠴᠠᠭ ᠢᠶᠠᠷ ᠲᠡᠮᠡᠢ ᠴᠠᠯᠴᠢᠬᠤ ᠪᠤᠯ ᠠᠰᠢᠭ ᠦᠭᠡᠢ ᠵᠦᠢᠯ ᠳᠤ ᠲᠤᠭᠠᠴᠠᠭᠳᠡᠨ᠎ᠡ᠃            ᠮᠤᠩᠬᠠᠭ ᠤᠨ ᠲᠡᠷᠭᠡᠳᠡ ᠪᠠᠶᠢᠬᠤᠢ ᠳᠤᠷ ᠨᠠᠰᠤ ᠲᠠᠩᠴᠤ ᠤᠷᠳᠤ᠂ ᠮᠡᠷᠭᠡᠤᠨ ᠤᠨ ᠲᠡᠷᠭᠡᠳᠡ ᠪᠠᠶᠢᠬᠤᠢ ᠳᠤᠷ ᠨᠠᠰᠤ ᠲᠠᠩᠴᠢ ᠤᠬᠤᠷ᠃            ᠮᠤᠩᠭᠤᠯᠴᠤᠤᠨ ᠤᠬᠠᠭᠠᠨ ᠲᠠᠢ ᠦᠭᠡ ᠶᠢ ᠪᠤᠳᠤᠵᠤ ᠶᠠᠷᠢᠳᠠᠭ᠂ ᠬᠦᠮᠤᠨ ᠢ ᠠᠭᠤᠷᠯᠠᠭᠤᠯᠬᠤ ᠪᠤᠶᠤ ᠪᠠᠶᠠᠰᠬᠠᠬᠤ ᠨᠢ ᠴᠢᠨᠤ ᠦᠭᠡᠨ ᠳᠤ ᠪᠠᠶᠢᠳᠠᠭ᠃        ᠠᠮᠠᠨ ᠤ ᠪᠡᠯᠭᠡ ᠪᠠᠷ ᠠᠰᠢᠳᠡ ᠶᠢᠨ ᠪᠡᠯᠭᠡ ᠭᠡᠳᠡᠭ᠂ ᠰᠠᠶᠢᠬᠠᠨ ᠦᠭᠡ ᠪᠠᠷ ᠶᠠᠷᠢᠭᠰᠠᠨ ᠢᠷᠤᠭᠡᠭᠰᠡᠨ ᠤᠶᠢᠯᠡ ᠶᠠᠪᠤᠳᠠᠯ ᠤᠨ ᠲᠠᠷᠠᠭ᠎ᠠ ᠰᠠᠶᠢᠨ ᠦᠭᠡ ᠰᠠᠶᠢᠬᠠᠨ ᠶᠠᠪᠤᠳᠠᠯ ᠪᠦᠳᠤᠳᠡᠭ᠃            ᠮᠠᠭᠤᠬᠠᠢ ᠦᠭᠡ ᠬᠡᠯᠡᠭᠰᠡᠨ ᠠᠴᠠ ᠪᠤᠯᠤᠭᠠᠤᠨ ᠲᠡᠷᠡ ᠬᠦᠮᠤᠨ ᠭᠤᠮᠤᠳᠠᠭᠠᠭᠤᠨ ᠪᠡᠶ᠎ᠡ ᠮᠠᠬᠠᠪᠤᠤᠨ ᠡᠪᠡᠤᠡᠴᠢᠯᠡᠨ ᠴᠢᠨᠠᠭᠰᠢᠯᠠᠨ ᠭᠤᠮᠤᠳᠠᠵᠤ ᠬᠤᠷᠤᠰᠤᠭᠰᠠᠭᠠᠷ ᠠᠮᠢ ᠨᠠᠰᠤ ᠪᠠᠨ ᠦᠭᠳᠡᠭ ᠴᠤ ᠪᠤᠢ᠂ ᠬᠡᠷᠪᠡ ᠰᠠᠶᠢᠨ ᠦᠭᠡ ᠶᠠᠷᠢᠳᠠᠭ ᠪᠤᠯ ᠲᠡᠷᠡ ᠬᠦᠮᠤᠨ ᠪᠠᠶᠠᠷᠯᠠᠭᠠᠤᠨ᠂ ᠵᠤᠷᠢᠭ ᠡᠷᠴᠢ ᠨᠢ ᠨᠡᠮᠡᠭᠳᠡᠵᠤ᠂ ᠡᠶ᠎ᠡ ᠡᠪᠳᠡᠢ ᠪᠤᠯᠳᠠᠭ᠃            ᠵᠠᠩ ᠰᠠᠶᠢᠳᠠᠢ ᠠᠶᠢᠯ ᠳᠤ ᠬᠦᠮᠤᠨ ᠠᠷᠪᠢᠨ ᠴᠤᠭᠯᠠᠳᠠᠭ᠂ ᠵᠠᠮᠠᠭ ᠰᠠᠶᠢᠳᠠᠢ ᠤᠰᠤᠨ ᠳᠤ ᠵᠢᠭᠠᠰᠤ ᠠᠷᠪᠢᠨ ᠴᠤᠭᠯᠠᠳᠠᠭ ᠭᠡᠳᠡᠭ᠃            ᠦᠭᠡ ᠭᠡᠳᠡᠭ ᠵᠦᠪ ᠡᠨᠧᠷᠬᠢ ᠲᠠᠢ ᠪᠠᠶᠢᠳᠠᠭ᠂ ᠬᠤᠭᠤᠷᠤᠨᠳᠤ ᠪᠠᠨ ᠰᠠᠶᠢᠨ ᠦᠭᠡ ᠪᠡᠯᠡᠭᠯᠡᠵᠤ ᠰᠤᠷ᠃            ᠭᠡᠪᠡᠴᠤ ᠪᠢᠳᠡ ᠵᠠᠷᠢᠮ ᠵᠦᠢᠯᠡᠰ ᠢ ᠬᠤᠭᠤᠰᠤᠨ ᠠᠮᠠ ᠪᠠᠷ ᠰᠤᠨᠤᠰᠤᠭᠠᠤᠨ ᠪᠤᠯᠬᠤ ᠪᠢᠰᠢ᠂ ᠨᠢᠳᠤ ᠪᠡ ᠰᠡᠤᠨᠬᠢᠯ ᠢᠶᠠᠷ ᠢᠶᠠᠨ ᠬᠠᠷᠠᠬᠤ ᠶᠤᠰᠤᠳᠠᠢ᠂  ︽ᠤᠬᠠᠭᠠᠨᠳᠠᠨ ᠤ ᠨᠢᠳᠤ ᠲᠤᠯᠤᠭᠠᠢ ᠳᠠᠭᠠᠨ ᠪᠠᠶᠢᠳᠠᠭ  ︾ ᠭᠡᠳᠡᠭ᠂ ᠶᠠᠮᠠᠷ ᠨᠢᠭᠡᠨ ᠶᠠᠪᠤᠳᠠᠯ᠂ ᠬᠦᠮᠤᠨ ᠤ ᠬᠡᠯᠡᠭᠰᠡᠨ ᠢ ᠵᠦᠪ ᠢᠶᠠᠷ ᠲᠤᠩᠭᠠᠵᠤ ᠴᠢᠳᠠᠬᠤ ᠦᠭᠡᠢ᠂ ᠬᠤᠪᠴᠢ ᠬᠡᠯᠡᠭᠰᠡᠨ ᠬᠦᠤᠡᠬᠡᠨ ᠬᠡᠯᠡᠭᠰᠡᠨ ᠦᠭᠡ ᠶᠢ ᠵᠦᠪ ᠭᠡᠵᠤ ᠪᠠᠶᠢᠪᠡᠯ ᠲᠡᠷᠡ ᠬᠦᠮᠤᠨ ᠤ ᠰᠤᠡᠨᠬᠢᠯ ᠵᠢᠷᠤᠭᠡ ᠰᠤᠬᠤᠷ ᠮᠦᠷᠳᠡᠭᠡᠨ ᠨᠢᠳᠤ ᠪᠠᠰᠠ ᠰᠤᠬᠤᠷ ᠪᠠᠶᠢᠨ᠎ᠠ᠂ ᠬᠦᠮᠤᠨ ᠳᠤ ᠤᠯᠠᠨ ᠶᠠᠩᠵᠤ ᠶᠢᠨ ᠰᠡᠤᠨᠬᠢᠯ ᠤᠨ ᠦᠡᠭᠭᠡ ᠠᠶᠠᠰ ᠪᠠᠶᠢᠳᠠᠭ᠂ ᠡᠶᠢᠮᠤ  ᠠᠴᠠ ᠮᠠᠨ ᠤ ᠠᠷᠠᠤᠨ ᠤᠨ ᠦᠭᠡᠨ ᠳᠤ ︽ᠴᠢᠬᠢᠨ ᠳᠤ ᠢᠳᠡᠭᠡᠬᠦ ᠪᠠᠷ ᠨᠢᠳᠤᠨ ᠳᠡᠭᠡᠨ ᠢᠳᠡᠭᠡ︾ ᠭᠡᠰᠡᠨ ᠦᠭᠡ ᠪᠤᠢ᠃          ᠶᠠᠯᠢ ᠦᠭᠡᠢ ᠶᠠᠭᠤᠮᠠᠨ ᠳᠤ ᠰᠡᠭᠰᠡᠷᠡᠵᠤ          ᠢᠮᠠᠭᠠᠨ ᠤᠮᠤᠭ ᠭᠠᠷᠭᠠᠳᠠᠭ ᠲᠡᠷᠡ          ᠶᠠᠭᠠᠬᠢᠵᠤ ᠶᠠᠪᠤᠭᠰᠠᠨ ᠢᠶᠠᠷ ᠮᠡᠳᠡᠯ ᠦᠭᠡᠢ ᠬᠠᠷᠠᠶᠢᠵᠤ          ᠶᠠᠪᠠᠭᠠᠨ ᠠᠴᠠ ᠤᠶᠢᠴᠢᠯ ᠦᠭᠡᠢ ᠪᠠᠷᠳᠡᠵᠤ᠂᠂᠂᠂᠂                ᠨᠢᠬᠦᠯ ᠪᠤᠶᠠᠨ ᠤ ᠬᠤᠷᠸ᠎ᠠ ᠳᠤ        ᠨᠢᠩᠵᠢᠨ ᠰᠡᠤᠨᠬᠢᠯ ᠢᠶᠠᠷ ᠠᠮᠢᠳᠤᠷᠠᠵᠤ        ᠬᠤᠳᠠᠯ ᠦᠨᠡᠨ ᠤ ᠡᠮᠤᠨ᠎ᠡ        ᠨᠢᠭᠤᠷ ᠤᠯᠠᠶᠢᠬᠤ ᠦᠭᠡᠢ ᠲᠠᠨᠢᠬᠦᠨ ᠶᠠᠪᠤᠶ᠎ᠠ᠂᠂᠂᠂                                  2020.7.18 ᠭᠤᠷᠪᠡᠨ ᠹᠦ᠋ ᠶᠢᠨ ᠬᠠᠯᠠᠭᠤᠨ ᠳᠤ
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号