ᠰᠡᠳᠬᠢᠯ ᠳᠤ ᠬᠤᠨᠤᠭᠰᠢᠭᠰᠠᠨ ᠨᠤᠳᠤᠭ
ᠨᠡᠶᠢᠲᠡᠯᠡᠭᠰᠡᠨ ᠴᠠᠭ᠄
2020/8/21
     ᠵᠤᠬᠢᠶᠠᠬᠴᠢ᠄ ᠦᠪᠤᠷ ᠮᠤᠩᠭᠤᠯ᠂ ᠤᠯᠠᠭᠠᠨᠬᠠᠳᠠ᠂ ᠪᠠᠷᠠᠭᠤᠨ ᠪᠠᠭᠠᠷᠢᠨ                   ᠵᠠᠯᠠᠨᠤᠳ ᠬᠡᠰᠢᠭᠮᠡᠨᠳᠠ      ᠠᠯᠳᠠᠨ ᠨᠠᠷᠠᠨ ᠤ ᠰᠢᠵᠢᠷ ᠲᠤᠶᠠᠭᠠᠨ ᠳᠤ ᠪᠡᠶ᠎ᠡ ᠪᠡᠶ᠎ᠡ ᠲᠠᠢ ᠪᠠᠨ ᠮᠦᠴᠡᠷᠬᠡᠨ ᠤᠷᠭᠤᠭᠰᠠᠨ ᠮᠤᠳᠤᠳ ᠨᠤᠭᠤᠭᠠᠨ ᠬᠦᠷᠮ᠎ᠡ ᠪᠠᠷ ᠬᠤᠴᠢᠭᠳᠠᠵᠤ ᠬᠦᠭᠵᠢᠶᠡᠨ ᠶᠡᠭᠡ ᠲᠠᠢ ᠤᠯᠠᠭᠠᠨᠬᠠᠳᠠ ᠶᠢᠨ ᠵᠡᠬᠡᠯᠢ ᠭᠤᠳᠤᠮᠵᠢ ᠳᠤ ᠭᠤᠶᠢᠳᠠ ᠰᠠᠶᠢᠬᠠᠨ ᠦᠩᠭᠡ ᠦᠵᠡᠮᠵᠢ ᠪᠦᠷᠢᠳᠦᠭᠦᠯᠡᠨ ᠤᠮᠤᠭᠯᠠᠩ ᠮᠦᠷᠳᠡᠭᠡᠨ ᠦᠵᠡᠰᠭᠦᠯᠡᠩ ᠲᠠᠢ ᠬᠠᠷᠠᠭᠳᠠᠨ᠎ᠠ᠃            ᠲᠡᠯᠭᠡᠷ ᠵᠤᠨ ᠤ ᠲᠣᠮᠳᠠ ᠰᠠᠷ᠎ᠠ ᠶᠢᠨ ᠰᠡᠭᠦᠯᠴᠢ᠂ ᠪᠢ ᠨᠠᠶᠢᠵᠠ ᠶᠢᠨ ᠢᠶᠠᠨ ᠮᠠᠰᠢᠨ ᠢ ᠵᠢᠯᠤᠭᠤᠳᠤᠨ ᠤᠯᠠᠭᠠᠨᠬᠠᠳᠠ ᠠᠴᠠ ᠢᠬᠢᠷ᠎ᠡ ᠪᠠᠭᠠᠷᠢᠨ ᠤ ᠮᠢᠨᠢ ᠠᠷᠤ ᠬᠢᠵᠠᠭᠠᠷ ᠵᠡᠭᠦᠨ ᠪᠠᠭᠠᠷᠢᠨ ᠨᠤᠲᠤᠭ ᠤᠨ ᠪᠠᠶᠠᠨ ᠠᠭᠤᠯᠠ ᠰᠤᠮᠤ ᠶᠢᠨ ᠣᠳᠣᠷ ᠤᠨ ᠠᠶᠢᠯ ᠳᠤ ᠬᠦᠷᠴᠦ ᠪᠢᠯᠡ᠃ ᠬᠡᠳᠦᠶᠢᠪᠡᠷ ᠬᠠᠭᠠᠰ ᠡᠳᠦᠷ ᠲᠡᠷᠭᠡ ᠪᠠᠷ ᠶᠠᠪᠤᠵᠤ ᠶᠠᠳᠠᠷᠠᠭᠰᠠᠨ ᠪᠤᠯᠪᠠᠴᠤ ᠡᠨᠡ ᠠᠶᠢᠯ ᠤᠨ ᠬᠠᠯᠠᠭᠤᠮᠰᠤᠭ ᠳᠤᠲᠤᠨᠤ᠂ ᠡᠨᠡ ᠨᠣᠳᠤᠬ ᠤᠨ ᠠᠭᠤᠳᠠᠮ ᠰᠠᠷᠠᠭᠤᠯ ᠨᠠᠮ᠎ᠠ ᠶᠢ ᠦᠪᠡᠷ ᠤᠨ ᠡᠷᠬᠡ ᠦᠬᠡᠢ ᠠᠶᠠᠨ ᠤ ᠶᠠᠳᠠᠷᠠᠭ᠎ᠠ ᠶᠢ ᠮᠢᠨᠢ ᠲᠠᠶᠢᠯᠠᠵᠤ᠂ ᠰᠡᠳᠭᠢᠯ ᠲᠣᠳᠣᠷ᠎ᠠ ᠪᠠᠨ ᠰᠡᠮ ᠪᠠᠶᠠᠷᠯᠠᠵᠤ ᠠᠵᠠ ᠲᠠᠢ ᠰᠠᠨᠠᠭᠳᠠᠵᠤ ᠪᠠᠶᠢᠯ᠎ᠠ᠃            ᠮᠠᠨᠠᠶᠢᠬᠢᠨ ᠪᠠᠭᠠᠷᠢᠨ ᠪᠠᠷᠠᠭᠤᠨ ᠬᠤᠰᠢᠭᠤᠨ ᠤ ᠡᠮᠦᠨ᠎ᠡ ᠵᠠᠬ᠎ᠠ᠂ ᠲᠠᠮᠠᠭ᠎ᠠ ᠶᠢᠨ ᠮᠠᠩᠬ᠎ᠠ ᠶᠢᠨ ᠡᠩᠭᠡᠷ ᠰᠢᠷᠠᠮᠦ᠋ᠷᠡᠨ ᠤ ᠤᠷᠤᠰᠬᠠᠯ ᠲᠠᠭᠠᠣ ᠰᠠᠭᠤᠷᠢᠰᠢᠳᠠᠭ᠂ ᠤᠷᠴᠢᠮ ᠤᠨ ᠵᠢᠯ ᠤᠳ ᠭᠠᠩ ᠭᠠᠴᠢᠭ ᠠᠴᠠ ᠪᠤᠯᠵᠤ ᠰᠢᠷᠠᠮᠦ᠋ᠷᠡᠨ ᠴᠤ ᠤᠷᠤᠰᠬᠠᠯ ᠲᠠᠰᠤᠷᠠᠬᠤ ᠬᠡᠮᠵᠢᠶ᠎ᠡ ᠳᠤ ᠬᠦᠷᠴᠠᠢ᠃ ᠨᠠᠮ᠎ᠠ ᠶᠢ ᠪᠠᠭ᠎ᠠ ᠪᠠᠶᠢᠬᠤ ᠳᠤ ᠬᠡᠷ ᠲᠤᠭᠤᠷᠢᠭᠠᠳ ᠲᠦᠷᠦᠭᠡ ᠰᠢᠭᠦᠷᠦᠮ᠎ᠡ ᠡᠪᠡᠰᠦ ᠪᠡᠯᠴᠢᠭᠡᠷ᠂ ᠮᠠᠩᠬ᠎ᠠ ᠨᠢ ᠪᠤᠷᠭᠠᠰᠤ ᠮᠤᠳᠤ ᠢᠭ᠌ᠴᠢ ᠰᠠᠬᠤᠯᠢᠭ ᠤᠷᠭᠤᠭᠰᠠᠨ ᠤᠩᠭᠤᠨ ᠪᠠᠶᠢᠭᠠᠯᠢ ᠪᠠᠶᠢᠵᠤ ᠪᠢᠯᠡ᠂ ᠣᠳᠣ ᠲᠠᠯ᠎ᠠ ᠨᠢ ᠲᠠᠴᠢᠷᠳᠠᠵᠤ᠂ ᠮᠠᠩᠬ᠎ᠠ ᠨᠢ ᠬᠤᠪᠬᠠᠶᠢᠷᠠᠵᠤ᠂ ᠤᠷᠤᠰᠬᠠᠯ ᠨᠢ ᠲᠠᠰᠤᠷᠠᠭᠠᠳ ᠨᠣᠳᠤᠬ ᠲᠤ ᠪᠠᠨ ᠪᠤᠴᠠᠬᠤ ᠪᠦᠷᠢ ᠠᠯᠠᠭ ᠨᠢᠳᠦ ᠶᠢ ᠮᠢᠨᠢ ᠨᠢᠯᠪᠤᠰᠤ ᠪᠦᠷᠬᠦᠵᠦ᠂ ᠵᠢᠷᠦᠬᠡ ᠰᠢᠮᠰᠢᠷᠡᠨ ᠡᠯᠢᠭᠡ ᠡᠮᠳᠡᠷᠡᠬᠦ ᠪᠣᠯᠳᠠᠬ᠃ ᠤᠨᠠᠭᠠᠨ ᠪᠠᠭ᠎ᠠ ᠶᠢᠨ ᠮᠢᠨᠢ ᠤᠨᠠᠭ᠎ᠠ ᠲᠤᠭᠤᠯ ᠲᠠᠢ ᠨᠤᠴᠤᠯᠳᠤᠵᠤ᠂ ᠪᠤᠷᠭᠠᠰᠤᠨ ᠮᠤᠷᠢ ᠲᠠᠢ ᠬᠤᠷᠠᠭ᠎ᠠ ᠢᠰᠢᠭᠡ ᠬᠠᠷᠢᠭᠤᠯᠳᠠᠭ ᠵᠢᠷᠤᠭ ᠰᠢᠭ᠋ ᠨᠣᠳᠤᠬ ᠦᠩᠭᠡᠷᠡᠵᠦ ᠤᠳᠤᠭᠰᠠᠨ ᠤᠨ ᠵᠢᠯ ᠤᠳ ᠲᠠᠢ ᠬᠠᠮᠳᠦ ᠲᠣᠷᠠᠳᠬᠠᠯ ᠪᠤᠯᠤᠨ ᠦᠯᠡᠳᠡᠵᠠᠢ᠃            ᠬ᠋ᠠᠯᠳᠠᠢ ᠵᠤᠨ ᠤ ᠨᠠᠷᠠᠨ ᠵᠤᠯᠠᠢ ᠲᠡᠭᠡᠷ᠎ᠡ ᠠᠴᠠ ᠲᠦᠭᠡᠨᠡᠵᠦ᠂ ᠭᠠᠩ ᠤᠨ ᠦᠨᠦᠷ ᠬᠠᠩᠬᠤᠯᠠᠭᠰᠠᠨ ᠠᠭᠠᠭᠢᠮ᠎ᠠ ᠵᠤᠨ ᠤ ᠦᠳᠡ ᠳᠤ ᠤᠯᠠᠭᠠᠨᠬᠠᠳᠠ ᠠᠴᠠ ᠮᠤᠷᠳᠠᠵᠤ᠂ ᠦᠨᠳᠦᠷ ᠬᠤᠷᠳᠤᠴᠠᠳᠤ ᠵᠠᠰᠠᠮᠠᠯ ᠵᠠᠮ ᠢᠶᠠᠷ ᠴᠠᠭ ᠰᠢᠬᠠᠮ ᠠᠶᠠᠯᠠᠨ᠂ ᠪᠤᠷᠤᠬᠤᠳᠠ ᠠᠴᠠ ᠬᠠᠶᠢᠯᠠᠰᠤ ᠪᠠᠯᠭᠠᠰᠤ ᠵᠦᠭ ᠴᠢᠭᠯᠡᠯ᠎ᠡ᠃ ᠰᠢᠨᠡᠬᠡᠨ ᠵᠠᠰᠠᠭᠰᠠᠨ ᠵᠠᠰᠠᠮᠠᠯ ᠵᠠᠮ ᠮᠠᠩᠬᠠᠨ ᠲᠣᠮᠳᠠᠭᠤᠷ ᠲᠤᠷᠠᠶᠢᠵᠤ᠂ ᠵᠠᠮ ᠤᠨ ᠬᠠᠵᠠᠭᠤᠳᠠᠬᠢ ᠮᠤᠳᠤ᠂ ᠬᠠᠶᠠ ᠬᠠᠶᠠ ᠬᠠᠷᠠᠬᠳᠠᠬᠤ ᠬᠠᠷᠭᠠᠨ᠎ᠠ ᠪᠤᠳᠠ ᠠᠴᠠ ᠦᠭᠡᠷ᠎ᠡ ᠨᠤᠭᠤᠭᠠᠷᠠᠵᠤ ᠬᠠᠷᠠᠬᠳᠠᠬᠤ ᠶᠠᠭᠤᠮ᠎ᠠ ᠠᠯᠠᠭ᠎ᠠ᠂ ᠭᠠᠩ ᠤᠨ ᠪᠠᠶᠢᠳᠠᠯ ᠬᠡᠴᠡᠭᠦᠦ ᠨᠢ ᠮᠡᠳᠡᠭᠳᠡᠮ᠎ᠡ᠂ ᠨᠢᠳᠣᠨ ᠡᠮᠦᠨᠡᠬᠢ ᠮᠤᠩᠭᠤᠯ ᠨᠣᠳᠤᠬ ᠢᠶᠠᠨ ᠬᠠᠷᠠᠭᠠᠳ ᠵᠢᠷᠦᠬᠡᠨ ᠠᠴᠠ ᠴᠢᠯᠠᠭᠤ ᠲᠡᠭᠦᠵᠢᠯᠡᠭᠡᠰᠦᠲᠠᠢ ᠰᠢᠭ᠋ ᠰᠠᠨᠠᠭᠳᠠᠯ᠎ᠠ᠃ ᠬᠠᠮᠳᠦ ᠶᠠᠪᠤᠵᠤ ᠪᠠᠶᠢᠭᠰᠠᠨ ᠠᠨᠢᠶ᠎ᠠ ᠭᠠᠩ ᠤᠨ ᠪᠠᠶᠢᠳᠠᠯ ᠢ ᠬᠠᠷᠠᠭᠠᠳ᠄ ︿︿ᠡᠨᠡ ᠨᠣᠳᠤᠬ ᠤᠨ ᠮᠠᠯᠴᠢᠳ ᠬᠦᠭᠡᠷᠦᠬᠦᠢ᠂ ᠡᠨᠡ ᠨᠣᠳᠤᠬ ᠤᠨ ᠲᠠᠪᠤᠨ ᠬᠤᠰᠢᠭᠤ ᠮᠠᠯ ᠬᠦᠭᠡᠷᠦᠬᠦᠢ︕﹀﹀ ᠭᠡᠵᠦ ᠠᠮᠠᠨ ᠳᠤ ᠪᠠᠨ ᠲᠦᠳᠦᠨᠡᠵᠦ ᠰᠡᠭᠦᠷᠡᠰᠦ ᠠᠯᠳᠠᠪᠠ᠃ ᠡᠭᠡᠯ ᠲᠠᠷᠤᠤᠬᠠᠨ ᠵᠠᠩ ᠲᠠᠢ᠂ ᠡᠭᠡᠯᠢᠰᠡᠭ ᠵᠦᠭᠡᠯᠡᠨ ᠶᠠᠷᠢᠶ᠎ᠠ ᠲᠠᠢ ᠠᠨᠢᠶ᠎ᠠ ᠠᠴᠠ ᠮᠤᠩᠭᠤᠯ ᠡᠵᠢ ᠶᠢᠨ ᠲᠦᠷᠢ ᠲᠦᠷᠬᠦ ᠶᠠᠭᠠᠬᠢᠬᠤ ᠶᠢᠨ ᠠᠷᠭ᠎ᠠ ᠦᠬᠡᠢ ᠬᠠᠷᠠᠬᠳᠠᠬᠤ ᠨᠢ ᠪᠢᠯᠡ᠃ ᠬᠤᠳᠠ ᠳᠤ ᠬᠤᠶᠠᠷ ᠰᠠᠷ᠎ᠠ ᠰᠠᠭᠤᠭᠠᠳ ᠶᠡᠭᠡ ᠪᠤᠬᠢᠨᠢᠳᠤᠭᠰᠠᠨ ᠪᠤᠯᠤᠯᠲᠠᠢ᠂ ᠦᠭᠡ ᠶᠠᠷᠢᠶ᠎ᠠ᠂ ᠦᠢᠯᠡ ᠬᠦᠳᠡᠯᠦᠯ ᠠᠴᠠ ᠨᠢ ᠬᠠᠷᠠᠬᠤ ᠳᠤ ᠠᠷᠤ ᠬᠡᠷ᠂ ᠠᠳᠤᠭᠤ ᠮᠠᠯ ᠢᠶᠠᠨ ᠶᠡᠭᠡ ᠰᠠᠨᠠᠭᠰᠠᠨ ᠢᠶᠠᠷ ᠪᠠᠷᠠᠬᠤ ᠦᠬᠡᠢ ᠦᠷᠦ ᠵᠢᠷᠦᠬᠡᠨ ᠠᠴᠠ ᠪᠠᠨ ᠠᠳᠤᠭᠤ ᠮᠠᠯ ᠳᠤ ᠪᠠᠨ ᠬᠠᠶᠢᠷᠠᠲᠠᠢ ᠭᠡᠳᠡᠭ ᠨᠢ ᠨᠢ ᠤᠬᠠᠵᠤ ᠮᠡᠳᠡᠯ᠎ᠡ᠃ ᠲᠦᠯ ᠤᠨ ᠲᠠᠭᠤᠨ ᠢᠶᠠᠷ ᠪᠠᠶᠠᠰᠴᠤ᠂ ᠦᠷ᠎ᠡ ᠶᠢᠨ ᠲᠠᠭᠤᠨ ᠳᠤ ᠤᠶᠠᠷᠠᠳᠠᠭ ᠡᠩᠭᠡᠷ ᠲᠤ ᠪᠠᠨ ᠰᠦ ᠲᠠᠢ ᠠᠮᠢᠳᠦ ᠪᠤᠷᠬᠠᠨ ᠮᠤᠩᠭᠤᠯ ᠡᠵᠢ ᠭᠡᠵᠦ ᠡᠶᠢᠮᠦ ᠯᠠ ᠪᠠᠶᠢᠬᠤ ᠳ᠋ᠡ᠃            ᠬᠠᠶᠢᠯᠠᠰᠤ ᠪᠠᠯᠭᠠᠰᠤ ᠶᠢ ᠦᠩᠭᠡᠷᠡᠨ ᠬᠠᠯᠵᠢᠨ ᠠᠭᠤᠯᠠ ᠶᠢ ᠤᠷᠢᠶᠠᠨ ᠬᠤᠶᠢᠰᠢ ᠠᠶᠠᠯᠠᠬᠤ ᠳᠤ ᠨᠣᠳᠤᠬ ᠤᠨ ᠰᠠᠯᠬᠢ ᠬᠠᠴᠠᠷ ᠢᠯᠪᠢᠨ ᠨᠣᠳᠤᠬ ᠭᠠᠩ ᠲᠠᠢ ᠴᠤ ᠰᠡᠳᠭᠢᠯ ᠳᠤ ᠶᠡᠭᠡ ᠲᠠᠭᠠᠳᠠᠢ ᠪᠠᠶᠢᠯ᠎ᠠ᠃ ᠬᠤᠷᠠᠭᠠᠨ ᠡᠭᠦᠯᠡᠰ ᠲᠡᠭᠡᠭᠦᠷ ᠪᠦᠷᠬᠦᠶᠢᠵᠦ᠂ ᠬᠤᠷ᠎ᠠ ᠪᠤᠷᠤᠭᠠᠨ ᠢ ᠨᠣᠳᠤᠬ ᠲᠤ ᠮᠢᠨᠢ ᠲᠠᠯᠠᠣᠯᠵᠣ ᠪᠠᠶᠢᠭ᠎ᠠ ᠶᠤᠮ ᠰᠢᠭ᠋᠂ ᠠᠳᠡ ᠲᠡᠨᠳᠡ ᠪᠡᠯᠴᠢᠬᠦ ᠰᠦᠷᠦᠭ ᠬᠤᠨᠢᠳ ᠨᠠᠰᠢ ᠴᠠᠰᠢ ᠬᠦᠪᠦᠯᠵᠡᠬᠦ ᠨᠢ ᠡᠪᠡᠰᠦᠨ ᠤ ᠰᠤᠷᠭᠤᠭ ᠢ ᠬᠠᠶᠢᠵᠤ ᠪᠠᠶᠢᠭ᠎ᠠ ᠴᠦ ᠶᠤᠮ ᠰᠢᠭ᠋᠃ ᠰᠢᠷᠠᠮᠦ᠋ᠷᠡᠨ ᠨᠠᠷᠢᠬᠠᠨ ᠤᠷᠤᠰᠬᠠᠯ ᠲᠠᠢ᠂  ︿︿ᠡᠨᠡ ᠤᠷᠤᠰᠬᠠᠯ ᠢ ᠲᠠᠭᠠᠵᠤ ᠲᠦᠴᠢ ᠰᠢᠬᠠᠮ ᠭᠠᠵᠠᠷ ᠤᠨ ᠴᠠᠭᠠᠨ᠎ᠠ ᠮᠢᠨᠤ ᠨᠤᠲᠤᠭ﹀﹀ ᠭᠡᠵᠦ ᠠᠨᠢᠶ᠎ᠠ ᠳᠤ ᠶᠠᠷᠢᠯ᠎ᠠ᠂ ᠨᠣᠳᠤᠬ ᠵᠦᠭ ᠢᠶᠠᠨ ᠪᠠᠷᠠᠯᠠᠬᠤ ᠳᠤ ᠬᠤᠨᠢᠨ ᠳᠤ ᠶᠠᠪᠤᠭᠰᠠᠨ ᠠᠪᠤ ᠶᠢᠨ ᠲᠦᠷᠢ ᠲᠡᠷᠳᠡᠭᠡ ᠠᠯᠤᠰ ᠪᠦᠷᠳᠦᠯᠵᠢᠵᠦ ᠪᠠᠶᠢᠬᠤ ᠰᠢᠭ᠋᠂ ᠬᠦᠦ ᠪᠠᠨ ᠰᠠᠷᠠᠪᠴᠢᠯᠠᠨ ᠬᠦᠯᠢᠶᠡᠵᠦ ᠪᠠᠶᠢᠭ᠎ᠠ ᠡᠵᠢ ᠶᠢᠨ ᠲᠦᠷᠬᠦ ᠴᠦ ᠬᠠᠷᠠᠬᠳᠠᠬᠤ ᠰᠢᠭ ᠯᠡ᠂ ᠲᠡᠭᠷᠢ ᠨᠤᠷᠠᠭᠰᠠᠨ ᠴᠤ ᠲᠡᠨᠢᠭᠦᠬᠡᠨ᠂ ᠲᠡᠮᠡᠭᠡᠳ ᠤᠨ ᠪᠤᠶᠢᠯᠠᠭᠠᠨ ᠳᠤ ᠰᠡᠳᠭᠢᠯ ᠵᠦᠭᠡᠯᠡᠷᠡᠳᠡᠭ ᠪᠤᠷᠬᠠᠨ ᠰᠡᠳᠭᠢᠯᠲᠦ ᠠᠪᠤ ᠡᠵᠢ ᠬᠤᠶᠠᠷ ᠢᠶᠠᠨ ᠰᠠᠨᠠᠬᠤ ᠪᠠᠷ ᠬᠠᠯᠠᠭᠤᠨ ᠨᠢᠯᠪᠤᠰᠤ ᠬᠠᠮᠠᠷ ᠬᠠᠪᠴᠢᠨ ᠤᠷᠤᠰᠤᠯ᠎ᠠ᠃            ᠤᠳᠠᠯ ᠦᠬᠡᠢ ᠬᠤᠰᠢᠭᠤᠨ ᠲᠦᠪ ᠯᠢᠨᠳᠦ᠋ᠩ ᠪᠠᠯᠭᠠᠰᠤᠨ ᠳᠤ ᠬᠦᠷᠴᠦ᠂ ᠡᠨᠡ ᠦᠶᠡᠰ ᠨᠠᠷᠠᠨ ᠪᠠᠷᠠᠭᠤᠨ᠎ᠠ ᠬᠡᠯᠪᠡᠶᠢᠵᠤ᠂ ᠤᠨᠠᠬᠤ ᠨᠠᠷᠠᠨ ᠵᠦᠭ ᠪᠠᠶᠠᠨ ᠠᠭᠤᠯᠠ ᠶᠢ ᠵᠤᠷᠢᠯ᠎ᠠ᠃ ᠵᠠᠮ ᠵᠠᠭᠤᠷ᠎ᠠ ᠠᠴᠢᠶᠠᠨ ᠤ ᠮᠠᠰᠢᠨ ᠵᠦᠷᠢᠯᠳᠣᠨ᠂ ᠬᠠᠵᠠᠭᠤ ᠳᠤ ᠰᠠᠭᠤᠭᠰᠠᠨ ᠬᠤᠶᠠᠷ ᠵᠠᠯᠠᠭᠤ ᠨᠤᠶᠢᠷᠮᠤᠬᠯᠠᠬᠤ ᠳᠤ ᠣᠳᠣᠷ ᠢᠶᠠᠨ ᠵᠤᠷᠢᠭᠰᠠᠨ ᠠᠨᠢᠶ᠎ᠠ ᠶᠢᠨ ᠴᠢᠷᠠᠢ ᠳᠤ ᠬᠠᠷᠢᠨ ᠪᠠᠶᠠᠷ ᠤᠨ ᠮᠦᠰᠢᠶᠡᠳᠦ ᠲᠤᠳᠤᠷᠠᠵᠤ ᠪᠠᠶᠢᠯ᠎ᠠ᠃ ᠠᠶᠠᠨ ᠤ ᠵᠠᠮ ᠢ ᠠᠷᠤ ᠳᠤ ᠪᠠᠨ ᠣᠷᠬᠢᠬᠰᠠᠭᠠᠷ ᠪᠠᠶᠢᠵᠤ ᠪᠤᠷᠤᠭᠠᠨ ᠬᠤᠷ᠎ᠠ ᠡᠯᠪᠡᠭ᠂ ᠦᠡᠭᠬᠡ ᠰᠢᠮᠡᠯᠢᠭ ᠨᠤᠲᠤᠭ ᠬᠠᠷᠠᠭᠠᠨ ᠤ ᠦᠵᠦᠭᠦᠷ ᠲᠤᠳᠤᠷᠠᠬᠤ ᠳᠤ ᠠᠮᠢᠰᠬᠤᠯᠯᠠᠬᠤ ᠳᠤ ᠠᠭᠠᠷ ᠨᠢ ᠬᠦᠷᠳᠡᠯ᠎ᠡ ᠲᠠᠭᠠᠲᠠᠢ ᠪᠠᠶᠢᠯ᠎ᠠ᠂ ᠪᠤᠷᠤᠭᠠᠨ ᠤ ᠲᠠᠷᠠᠭᠠᠬᠢ ᠮᠤᠩᠭᠤᠯ ᠨᠣᠳᠤᠬ ᠤᠨ ᠠᠭᠠᠷ ᠨᠢ ᠠᠷᠴᠢᠭᠰᠠᠨ ᠲᠤᠯᠢ ᠰᠢᠭ᠋ ᠲᠣᠩᠭᠠᠯᠠᠬ᠃ ᠦᠭᠡᠷ ᠠᠯᠠᠭᠠᠳ ᠤᠬᠤᠷ ᠰᠡᠭᠦᠯ ᠲᠡᠭᠡᠷ᠎ᠡ ᠨᠢ ᠭᠡᠳᠡᠭᠴᠢᠯᠡᠨ ᠤᠳᠤᠷ ᠢ ᠨᠢ ᠲᠦᠬᠦᠵᠦ ᠬᠦᠷᠦᠭᠡᠳ᠂ ᠵᠠᠮ ᠵᠢᠭᠠᠬᠠᠨ ᠰᠢᠪᠠᠷ ᠱᠠᠯᠴᠢᠭ ᠲᠠᠢ ᠶᠢᠨ ᠲᠡᠭᠡᠷ᠎ᠡ ᠬᠡᠴᠢᠶᠡᠮᠵᠢ ᠦᠬᠡᠢ ᠠᠴᠠ ᠲᠡᠷᠭᠡ ᠪᠠᠨ ᠲᠣᠷᠭᠠᠭᠠᠴᠢᠬᠠᠭᠠᠳ ᠶᠡᠭᠡ ᠡᠪ ᠦᠬᠡᠢ ᠰᠠᠨᠠᠭᠳᠠᠭᠰᠠᠨ ᠶᠤᠮ᠂ ᠦᠨᠡᠨᠳᠡᠭᠡᠨ ᠲᠡᠷᠬᠡ ᠰᠢᠪᠠᠷᠳᠠᠮᠠᠷ ᠵᠠᠮ ᠪᠢᠰᠢ᠂ ᠲᠤᠷᠰᠢᠯᠭ᠎ᠠ ᠲᠣᠳᠠᠮᠠᠬ ᠰᠠᠨᠳᠤᠷᠠᠭᠰᠠᠨ ᠤ ᠬᠢ ᠪᠠᠶᠢᠬ᠎ᠠ᠃ ᠠᠭᠤᠯᠠᠨ ᠤ ᠨᠠᠭᠠᠨ᠎ᠠ ᠵᠡᠷᠭᠡᠴᠡᠨ ᠪᠠᠭᠤᠭᠰᠠᠨ ᠬᠤᠶᠠᠷ ᠠᠶᠢᠯ  ᠢ ᠵᠢᠭᠠᠭᠠᠳ ᠠᠨᠢᠶ᠎ᠠ᠄ ︿︿ᠮᠠᠨᠠᠢᠬᠢᠨ ᠲᠡᠨᠳᠡ ᠪᠠᠶᠢᠨ᠎ᠠ﹀﹀ ᠭᠡᠯ᠎ᠡ᠂ ᠮᠦᠰᠢᠶᠡᠳᠦ ᠲᠤᠳᠤᠷᠠᠭᠰᠠᠨ ᠴᠢᠷᠠᠢ ᠳᠤ ᠨᠢ ᠪᠠᠶᠠᠷ ᠢᠨᠢᠶᠡᠳᠦ ᠪᠢᠯᠬᠠᠵᠤ ᠰᠡᠳᠬᠢᠯ ᠢᠶᠠᠨ ᠲᠠᠷᠤᠵᠤ ᠶᠠᠳᠠᠨ ᠪᠠᠶᠢᠭ᠎ᠠ ᠨᠢ ᠢᠯᠡᠬᠡᠨ᠂ ᠣᠳᠣᠷ ᠤᠨ ᠠᠶᠢᠯ ᠠᠴᠠ ᠠᠷᠭᠠᠯ ᠤᠨ ᠣᠳᠤᠬ᠋᠎ᠠ ᠰᠣᠭᠤᠨᠣᠬᠯᠠᠵᠣ᠂ ᠲᠠᠷᠬᠠᠨ ᠪᠡᠯᠴᠢᠭᠰᠡᠨ ᠬᠤᠨᠢᠳ ᠠᠭᠠᠵᠢᠮ ᠠᠭᠠᠵᠢᠮ ᠬᠤᠳᠠᠨ ᠳᠤ ᠤᠶᠢᠷᠠᠳᠤᠨ᠎ᠠ᠂ ᠬᠤᠳᠠᠨ ᠤ ᠨᠠᠭᠠᠨ᠎ᠠ ᠨᠢ ᠬᠤᠶᠠᠷ ᠨᠤᠬᠠᠢ ᠬᠦᠪ ᠬᠦᠪ ᠬᠤᠴᠠᠵᠤ ᠰᠡᠬᠦᠯ ᠰᠢᠷᠪᠠᠯᠵᠢᠭᠤᠯᠤᠨ᠎ᠠ᠂ ᠡᠵᠡᠨ ᠢᠶᠠᠨ ᠲᠠᠨᠢᠭᠰᠠᠨ ᠪᠤᠯᠤᠯᠲᠠᠢ᠂ ᠬᠡᠷ ᠤᠨ ᠡᠭᠦᠳᠡᠨ ᠳᠤ ᠨᠠᠷᠢᠬᠠᠨ ᠦᠨᠳᠦᠷ ᠬᠠᠷᠠᠪᠳᠣᠷ ᠵᠢᠰᠦ ᠲᠠᠢ ᠠᠪᠠᠭ᠎ᠠ ᠨᠠᠷᠠ ᠰᠠᠯᠬᠢᠨ  ᠳᠤ ᠪᠤᠷᠤᠯᠠᠭᠰᠠᠨ ᠴᠢᠷᠠᠢ ᠳᠤ ᠪᠠᠨ ᠲᠦᠭᠦᠷᠡᠭ ᠢᠨᠢᠶᠡᠳᠦ ᠲᠠᠢ ᠲᠤᠰᠤᠯ᠎ᠠ᠃ ᠴᠠᠭᠠᠨ᠎ᠠ ᠨᠢ ᠠᠳᠤᠭᠤ ᠢᠨᠴᠠᠭᠠᠨ᠂ ᠦᠭᠡᠷ ᠮᠦᠭᠡᠷᠦᠯᠳᠣᠨ᠂ ᠬᠤᠨᠢᠳ ᠮᠠᠶᠢᠯᠠᠯᠳᠤᠨ᠂ ᠮᠠᠯ ᠤᠨ ᠦᠨᠦᠷ ᠬᠠᠩᠬᠤᠯᠤᠭᠰᠠᠨ ᠡᠨᠡ ᠠᠶᠢᠯ ᠨᠢ ᠬᠠᠰᠢᠷ ᠮᠠᠯᠴᠢᠨ ᠭᠡᠳᠡᠭ ᠢᠶᠠᠨ ᠬᠠᠨᠠᠨ ᠳᠡᠭᠡᠷ᠎ᠡ ᠪᠢᠴᠢᠵᠦ ᠪᠠᠶᠢᠭ᠎ᠠ ᠶᠤᠮ ᠰᠢᠭ᠋᠃ ᠬᠤᠳᠠᠨ ᠳᠤ ᠮᠠᠶᠢᠯᠠᠯᠳᠤᠬᠤ ᠰᠦᠷᠦᠭ ᠢᠶᠠᠨ ᠬᠠᠷᠠᠭᠠᠳ ᠠᠨᠢᠶ᠎ᠠ ᠨᠡᠩ ᠢᠯᠡᠭᠦᠤ ᠮᠠᠩᠨᠠᠢ ᠲᠡᠨᠡᠶᠢᠨ ᠪᠠᠶᠠᠰᠴᠤ᠂ ᠲᠠᠷᠭᠤ ᠰᠠᠭᠤᠵᠠᠢ ᠬᠡᠮᠡᠨ ᠬᠡᠷ ᠲᠤ ᠪᠠᠨ ᠴᠤ ᠣᠷᠣᠯ ᠦᠬᠡᠢ ᠬᠤᠳᠠᠨ ᠵᠦᠭ ᠢᠶᠠᠨ ᠠᠯᠬᠤᠯ᠎ᠠ᠃ ᠮᠤᠩᠭᠤᠯ ᠨᠣᠳᠤᠬ ᠤᠨ ᠣᠳᠣᠷ ᠤᠨ ᠠᠶᠢᠯ ᠶᠠᠭᠤᠲᠠᠢ ᠰᠠᠶᠢᠬᠠᠨ᠂ ᠶᠠᠭᠤᠲᠠᠢ ᠭᠤᠶᠤᠮᠰᠤᠭ᠂ ᠡᠨᠡ ᠦᠶᠡᠰ ᠤᠨᠠᠬᠤ ᠨᠠᠷᠠᠨ ᠴᠤ ᠠᠭᠤᠯᠠᠨ ᠲᠤᠯᠤᠭᠠᠢ ᠰᠢᠭᠦᠷᠴᠦ᠂ ᠤᠯᠠᠪᠢᠷ ᠲᠤᠶᠠᠭᠠᠨ ᠳᠤ ᠭᠠᠩᠭᠠᠩ ᠪᠠᠶᠢᠭᠠᠯᠢ ᠵᠢᠷᠤᠭ ᠰᠢᠭ᠋ ᠭᠤᠶᠢᠳᠠ᠂ ᠭᠠᠳᠠᠨ᠎ᠠ ᠪᠠᠨ ᠮᠤᠷᠢ ᠲᠠᠢ ᠠᠶᠢᠯ ᠰᠡᠳᠭᠢᠯ ᠳᠤ ᠨᠢᠭᠡ ᠯᠠ ᠲᠠᠭᠠᠳᠠᠢ᠃            ᠠᠵᠢᠯᠴᠢ ᠠᠶᠢᠯ ᠢ ᠠᠷᠭᠠᠯ ᠲᠠᠯᠠᠩ ᠠᠴᠠ ᠨᠢ ᠬᠠᠷᠠᠳᠠᠭ ᠭᠡᠳᠡᠭᠴᠢᠯᠡᠨ᠂ ᠡᠨᠡ ᠠᠶᠢᠯ ᠢ ᠭᠠᠳᠠᠨ᠎ᠠ ᠠᠴᠠ ᠨᠢ ᠬᠠᠷᠠᠬᠤ ᠳᠤ ᠠᠵᠢᠯᠴᠢ᠂ ᠲᠣᠳᠣᠷ᠎ᠠ ᠨᠢ ᠤᠷᠤᠪᠠᠯ ᠴᠡᠪᠡᠷᠭᠡᠨ ᠭᠡᠵᠦ ᠡ᠃ ᠠᠭᠠᠭ ᠲᠠᠢ ᠰᠢᠷᠭᠠᠯ ᠴᠠᠢ ᠶᠢ ᠨᠢ ᠠᠮᠳᠠᠷᠬᠠᠨ ᠤᠭᠤᠤᠵᠤ ᠰᠠᠭᠤᠬᠤ ᠳᠤ ᠪᠠᠷᠠᠭ᠎ᠠ ᠰᠦᠷᠯᠢᠭ ᠪᠠᠶᠠᠨ ᠠᠭᠤᠯᠠ ᠶᠢᠨ ᠢᠶᠠᠨ ᠡᠩᠬᠢᠷ ᠬᠤᠷᠮᠤᠢ ᠳᠤ ᠪᠠᠶᠠᠨ ᠲᠠᠩᠰᠤᠬ ᠵᠤᠰᠠᠵᠤ ᠪᠠᠶᠢᠭ᠎ᠠ ᠨᠢ ᠢᠯᠡᠬᠡᠨ᠂ ᠦᠩᠭᠡ ᠰᠢᠮᠡᠯᠢᠭ ᠨᠤᠲᠤᠭ ᠤᠰᠤᠨ ᠳᠤ ᠠᠵᠤ ᠲᠦᠷᠦᠨ᠂ ᠭᠤᠷᠪᠠᠨ ᠬᠡᠦᠭᠡᠳ ᠨᠢ ᠴᠤ ᠣᠶᠣᠳᠠᠨ ᠠᠮᠢᠳᠤᠷᠠᠯ ᠢᠶᠠᠨ ᠲᠡᠭᠦᠰᠦᠭᠡᠳ ᠦᠪᠡᠷ ᠦᠪᠡᠷ ᠤᠨ ᠠᠵᠢᠯ ᠤᠨ ᠪᠠᠶᠢᠷᠢ ᠳᠤ ᠪᠠᠨ ᠬᠢᠯᠠᠷᠠᠭᠤᠯᠤᠨ ᠪᠠᠶᠢᠭ᠎ᠠ ᠪᠠᠨ ᠬᠠᠷᠠᠭᠠᠳ ᠠᠪᠤ ᠡᠵᠢ ᠨᠢ ᠴᠤ ᠮᠠᠩᠨᠠᠢ ᠲᠡᠨᠡᠶᠢᠨ ᠪᠠᠶᠠᠷ ᠵᠢᠷᠭᠠᠯ ᠲᠠᠢ ᠪᠠᠶᠢᠯ᠎ᠠ᠃ ᠪᠢᠳᠡ ᠬᠦᠷᠬᠦ ᠳᠤ ᠠᠶᠢᠯ ᠤᠨ ᠠᠪᠤ ᠬᠤᠨᠢ ᠪᠠᠵᠠᠭᠠᠴᠢᠬᠠᠬᠰᠠᠨ ᠪᠠᠶᠢᠵᠤ ᠪᠢᠯᠡ᠂ ᠡᠶᠢᠨᠬᠦ ᠤᠷᠤᠢ ᠶᠢᠨ ᠬᠤᠭᠤᠯᠠ ᠱᠦᠯᠦ ᠤᠭᠤᠤᠵᠤ ᠮᠢᠬ᠎ᠠ ᠢᠳᠡᠨ ᠠᠯᠵᠢᠶᠠᠯ ᠲᠠᠶᠢᠯᠠᠨ ᠶᠠᠷᠢᠶ᠎ᠠ ᠦᠷᠭᠦᠯᠵᠢᠯᠡᠭᠰᠡᠭᠡᠷ᠂ ᠠᠪᠠᠭ᠎ᠠ ᠶᠢᠨ ᠶᠠᠷᠢᠶ᠎ᠠ ᠠᠴᠠ ᠰᠤᠨᠤᠰᠬᠤ  ᠳᠤ ᠡᠨᠡ ᠵᠢᠯ ᠬᠤᠷ᠎ᠠ ᠪᠤᠷᠤᠭᠠᠨ ᠡᠯᠪᠡ᠂ ᠡᠪᠡᠰᠦ ᠪᠡᠯᠴᠢᠭᠡᠷ ᠰᠢᠮᠡᠯᠢᠭ᠂ ᠮᠠᠯ ᠰᠦᠷᠦᠭ ᠲᠠᠷᠭᠤ ᠬᠦᠴᠦ ᠲᠠᠢ᠂ ᠮᠠᠯᠴᠢᠳ ᠤᠨ ᠮᠠᠩᠨᠠᠢ ᠲᠡᠨᠡᠶᠢᠭᠰᠡᠨ ᠰᠠᠶᠢᠨ ᠵᠤᠨ ᠪᠤᠯᠵᠠᠢ᠃ ᠨᠢᠭᠡ ᠮᠡᠳᠡᠬᠦ ᠳᠤ ᠣᠬᠳᠠᠷᠭᠤᠢ ᠳᠤ ᠤᠳᠤᠨ ᠮᠡᠴᠢᠳ ᠲᠦᠭᠡᠵᠦ᠂ ᠰᠠᠷᠠᠨ ᠤ ᠬᠡᠷᠡᠯ ᠳᠤ ᠬᠤᠨᠢᠳ ᠬᠤᠳᠠᠨ ᠳᠤ ᠪᠠᠨ ᠨᠠᠮ ᠬᠡᠪᠳᠡᠨ᠎ᠡ᠂ ᠲᠠᠯ᠎ᠠ ᠶᠢᠨ ᠮᠤᠩᠭᠤᠯ ᠠᠶᠢᠯ ᠲᠠᠶᠢᠪᠤᠩ ᠠᠮᠤᠭᠤᠯᠠᠩ᠃ ᠬᠤᠭᠤᠯᠠᠨ ᠤ ᠳᠠᠷᠠᠭ᠎ᠠ ᠪᠢᠳᠡ ᠣᠨᠳᠠᠬᠤ ᠠᠮᠠᠷᠠᠬᠤ ᠪᠠᠷ ᠬᠡᠷ ᠲᠤ ᠨᠢ ᠤᠴᠢᠯ᠎ᠠ᠂ ᠬᠡᠷ ᠤᠨ ᠬᠠᠵᠠᠭᠤ ᠪᠠᠷ ᠲᠦᠷᠦᠭᠡ ᠰᠢᠭᠦᠷᠦᠮ᠎ᠡ ᠡᠪᠡᠰᠦ ᠰᠢᠷᠠᠯᠵᠢ ᠤᠷᠭᠤᠵᠠᠢ᠂ ᠴᠢᠭᠢᠭᠯᠢᠭ ᠠᠭᠠᠷ ᠢ ᠠᠮᠢᠰᠬᠤᠯᠯᠠᠬᠤ ᠳᠤ ᠴᠡᠭᠡᠵᠢ ᠠᠭᠤᠵᠢᠷᠠᠨ᠎ᠠ᠂ ᠬᠠᠶᠠ ᠨᠤᠬᠠᠶᠢᠳ ᠤᠨ ᠬᠤᠴᠠᠬᠤ ᠲᠠᠭᠤᠨ ᠰᠦᠨᠢ ᠶᠢᠨ ᠨᠠᠮ ᠬᠦᠮ ᠢ ᠡᠪᠳᠡᠨ᠎ᠡ᠂ ᠱᠦᠯᠦ ᠤᠭᠤᠤᠵᠤ ᠮᠢᠬ᠎ᠠ ᠢᠳᠡᠭᠰᠡᠨ ᠤ ᠶᠤᠮ ᠤᠤ᠂ ᠲᠡᠷᠭᠡ ᠪᠠᠷᠢᠵᠤ ᠪᠡᠶ᠎ᠡ ᠶᠠᠳᠠᠷᠠᠭᠰᠠᠨ ᠴᠤ ᠶᠤᠮ ᠤᠤ ᠪᠣᠦ ᠮᠡᠳᠡ᠂ ᠨᠢᠭᠡ ᠰᠡᠷᠢᠬᠦ ᠳᠤ ᠦᠷᠯᠦᠭᠡ ᠪᠤᠯᠴᠢᠬᠠᠭᠰᠠᠨ ᠪᠠᠶᠢᠯ᠎ᠠ᠃            ᠬᠦᠬᠡ ᠲᠡᠭᠷᠢ ᠳᠤ ᠬᠦᠪᠦᠩ ᠴᠠᠭᠠᠨ ᠡᠭᠦᠯᠡᠰ ᠬᠦᠪᠦᠯᠵᠡᠵᠦ᠂ ᠪᠠᠶᠠᠨ ᠲᠠᠩᠰᠤᠬ ᠪᠠᠶᠠᠨ ᠠᠭᠤᠯᠠ ᠶᠢᠨ ᠲᠠᠯ᠎ᠠ ᠨᠤᠲᠤᠭ ᠢ ᠤᠷᠭᠤᠬᠤ ᠨᠠᠷᠠᠨ ᠭᠡᠶᠢᠭᠦᠯᠵᠦ᠂ ᠪᠠᠷᠠᠭ᠎ᠠ ᠰᠦᠷᠯᠢᠭ ᠪᠠᠶᠠᠨ ᠬᠠᠨ ᠤ ᠬᠢᠷ᠎ᠠ ᠪᠠᠷ ᠲᠠᠪᠤᠨ ᠬᠤᠰᠢᠭᠤ ᠮᠠᠯ ᠲᠠᠷᠬᠠᠨ ᠪᠡᠯᠴᠢᠵᠦ᠂ ᠴᠡᠴᠡᠭᠡᠰ ᠬᠦᠷᠳᠡᠯ᠎ᠡ ᠠᠳᠠᠭᠠᠷᠬᠠᠮᠠᠷ ᠵᠢᠷᠤᠭ ᠰᠢᠭ᠋ ᠲᠠᠩᠰᠤᠬ ᠪᠠᠶᠢᠭᠠᠯᠢ ᠨᠠᠢᠮᠠᠨ ᠰᠠᠷ᠎ᠠ ᠢᠶᠠᠨ ᠤᠭᠳᠤᠯ᠎ᠠ᠂ ᠡᠶᠢᠮᠦ ᠰᠠᠶᠢᠬᠠᠨ ᠦᠵᠡᠮᠵᠢᠳᠦ ᠨᠤᠳᠤᠭ ᠢ ᠪᠢ ᠰᠡᠳᠬᠢᠯ ᠳᠤ ᠪᠠᠨ ᠵᠢᠷᠤᠭᠯᠠᠨ ᠪᠤᠴᠠᠵᠤ ᠪᠢᠯᠡ︕ ᠪᠠᠭ᠋ᠠᠷᠤᠮ᠎ᠠ ᠰᠠᠶᠢᠬᠠᠨ ᠪᠠᠶᠠᠨ ᠠᠭᠤᠯᠠ ᠰᠡᠳᠭᠢᠯ ᠳᠤ ᠬᠤᠨᠤᠭᠰᠢᠭᠰᠠᠨ ᠨᠤᠲᠤᠭ ᠡ᠃                                   ᠬᠡᠰᠢᠭᠮᠡᠨᠳᠠ 2015.8.1
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号