ᠪᠣᠷᠣᠭᠠᠨ ᠤ ᠳᠠᠷᠠᠭ᠎ᠠ
ᠨᠡᠶᠢᠲᠡᠯᠡᠭᠰᠡᠨ ᠴᠠᠭ᠄
2020/8/5
     ᠵᠤᠬᠢᠶᠠᠬᠴᠢ᠄ ᠦᠪᠤᠷ ᠮᠤᠩᠭᠤᠯ᠂ ᠤᠯᠠᠭᠠᠨᠬᠠᠳᠠ᠂ ᠪᠠᠭᠠᠷᠢᠨ ᠪᠠᠷᠠᠭᠤᠨ                  ᠳᠦᠩᠰᠢ ᠭᠤ · ᠠᠯᠳᠠᠨᠰᠠᠩ                                ᠵᠥᠢᠳᠡᠯ ᠦᠭᠡᠢ ᠨᠡᠰᠭᠢᠷᠥᠭᠰᠡᠨ ᠡᠭᠦᠯᠡᠰ ᠳᠣᠷᠠᠮᠵᠢᠬᠠᠨ ᠨᠡᠭᠦᠳᠡᠯᠯᠡᠭᠰᠡᠭᠡᠷ ᠵᠠᠪᠰᠠᠷᠯᠠᠬᠤ ᠳᠤ᠂ ᠵᠥᠰᠡᠷ ᠪᠣᠷᠣᠭᠠᠨ ᠤ ᠳᠠᠷᠠᠭᠠᠬᠢ ᠴᠢᠭᠢᠭ ᠤᠨ ᠥᠨᠥᠷ ᠰᠡᠩᠬᠢ ᠲᠠᠲᠠᠭᠰᠠᠭᠠᠷ ᠬᠥᠷᠥᠭᠡᠳ ᠢᠷᠡᠬᠦ ᠨᠢ ᠶᠠᠭᠤ ᠨᠢᠭᠡ ᠶᠢ ᠡᠷᠢᠭᠳᠡᠭᠦᠯᠥᠭᠡᠳ ᠰᠠᠭᠤᠳᠠᠯ ᠠᠯᠳᠠᠭᠤᠯᠣᠨ᠎ᠠ᠃ ᠲᠣᠩᠭᠠᠭᠠᠪᠠᠰᠣ᠂ ᠬᠤᠷ᠎ᠠ ᠶᠢᠨ ᠰᠢᠮ᠎ᠡ ᠳᠤ ᠭᠥᠢᠴᠡᠳ ᠣᠮᠳᠠᠯᠠᠭᠳᠠᠭᠰᠠᠨ ᠠᠭᠤᠯᠠ ᠲᠠᠯ᠎ᠠ ᠶᠢᠨ ᠢᠶᠠᠨ ᠬᠤᠷᠴᠠ ᠨᠠᠷᠠᠨ ᠳᠤ ᠢᠯᠪᠢᠭᠳᠡᠨ ᠳᠠᠯᠪᠢᠭᠤᠷᠠᠬᠤ ᠶᠢ ᠬᠠᠷᠠᠭᠠᠴᠢ ᠬᠡᠮᠡᠨ ᠰᠢᠪᠳᠠᠭᠤᠯᠵᠣ ᠪᠠᠶᠢᠭ᠎ᠠ ᠠᠵᠠᠢ᠃ ᠣᠬᠠᠭᠠᠵᠣ ᠣᠶᠢᠯᠭᠠᠬᠤ ᠶᠢᠨ ᠬᠠᠪᠤ ᠶᠢ ᠠᠮᠲᠠᠷᠬᠠᠭᠰᠠᠨ ᠣᠷᠮᠠᠰ ᠮᠠᠨᠢ ᠣᠷᠣ ᠳᠣᠣᠷ᠎ᠠ ᠪᠠᠨ ᠳᠡᠪᠳᠡᠷᠢᠨ ᠳᠡᠪᠬᠡᠷᠥᠭᠡᠳ᠂ ᠥᠩᠭᠡᠰᠢᠭ ᠵᠣᠨ ᠤ ᠬᠡᠰᠢᠭ ᠢᠶᠠᠷ ᠨᠢᠷᠣᠭᠤ ᠲᠡᠨᠡᠶᠢᠳᠡᠭ ᠠᠭᠲᠠ ᠲᠠᠢ ᠮᠢᠨᠢ ᠠᠷᠭ᠎ᠠ ᠦᠭᠡᠢ ᠲᠥᠰᠥᠭᠡᠲᠡᠢ ᠬᠠᠷᠠᠭᠳᠠᠭᠰᠠᠨ ᠬᠠᠶᠢᠷᠠᠲᠠᠢ ᠮᠠᠰᠢᠨ ᠢᠶᠠᠨ ᠳᠠᠷᠣᠶᠢᠬᠠᠨ ᠬᠥᠯᠥᠭᠯᠡᠵᠥ᠂ ᠣᠬᠢᠶᠠᠭᠳᠠᠨ ᠠᠷᠴᠢᠭᠳᠠᠭᠰᠠᠨ ᠴᠠᠷᠳᠠᠮᠠᠯ ᠵᠠᠮ ᠢᠶᠠᠷ ᠣᠩᠭᠤᠨ ᠪᠠᠶᠢᠭᠠᠯᠢ ᠶᠢᠨ ᠡᠪᠥᠷ ᠵᠦᠭ ᠰᠢᠭᠤᠳᠮᠠᠭ ᠲᠥᠷᠭᠡᠨ ᠳᠠᠪᠬᠢᠭᠤᠯᠣᠯ᠎ᠠ᠃                ᠬᠤᠰᠢᠭᠤ ᠪᠠᠯᠭᠠᠰᠣ ᠠᠯᠭᠤᠷ ᠠᠭᠠᠵᠢᠮ ᠢᠶᠠᠷ ᠠᠯᠣᠰᠯᠠᠷᠠᠵᠣ ᠬᠤᠯᠠᠳᠠᠬᠤ ᠶᠢᠨ ᠢᠯᠳᠠᠮ ᠬᠦᠰᠡᠯ ᠳᠤ ᠪᠠᠭᠤᠭᠰᠠᠨ ᠵᠥᠢᠯᠡᠰ ᠤᠨ ᠪᠡᠶᠡᠯᠡᠬᠦ ᠶᠢᠨ ᠰᠣᠪᠢᠩ ᠲᠡᠮᠳᠡᠭᠷᠡᠭᠡᠳ ᠡᠬᠢᠯᠡᠪᠡ᠃ ᠬᠥᠯᠥᠪᠥᠷᠢ ᠣᠨᠤᠭ᠎ᠠ ᠪᠠᠨ ᠪᠣᠰᠢᠭᠤᠬᠠᠨ ᠵᠣᠭᠰᠣᠭᠠᠵᠣ ᠳᠠᠷᠣᠶᠢᠬᠠᠨ ᠨᠢᠭᠤᠷᠳᠠᠨ ᠵᠣᠯᠭᠠᠰᠣᠭᠠᠢ ᠬᠡᠮᠡᠪᠡᠴᠥ ᠰᠣᠭᠤᠷᠠᠵᠣ ᠪᠠᠶᠢᠮᠠᠷ ᠰᠡᠷᠪᠡᠯᠵᠢᠬᠦ ᠰᠡᠷᠭᠦᠯᠡᠩ ᠬᠥᠭᠡᠷᠥᠬᠦᠨ ᠨᠣᠭᠤᠭ᠎ᠠ ᠶᠢ ᠰᠡᠪᠲᠡᠭᠡᠴᠢᠬᠦ ᠪᠣᠢ ᠬᠡᠮᠡᠨ ᠡᠮᠢᠶᠡᠭᠡᠳ ᠬᠦᠰᠭᠡ ᠲᠠᠯᠪᠢᠵᠣ ᠪᠣᠯᠣᠮᠠᠷ ᠭᠠᠵᠠᠷ ᠬᠠᠶᠢᠭᠠᠳ ᠪᠠᠭᠠᠬᠠᠨ ᠴᠠᠭ ᠭᠠᠷᠣᠵᠠᠳᠠᠭᠤᠯᠣᠭᠰᠠᠨ ᠪᠣᠯᠪᠠᠴᠣ ᠭᠤᠮᠣᠳᠠᠯ ᠭᠤᠮᠣᠷᠬᠠᠯ ᠤᠨ ᠠᠨᠢᠷ ᠥᠴᠥᠬᠡᠨ ᠴᠤ ᠰᠡᠷᠡᠭᠳᠡᠬᠦ ᠦᠭᠡᠢ ᠪᠠᠶᠢᠯ᠎ᠠ᠃                ᠣᠨᠢᠶᠠᠷ ᠢᠶᠠᠨ ᠰᠡᠬᠦᠭᠰᠡᠨ ᠠᠭᠤᠯᠠᠰ ᠤᠨ ᠪᠠᠷ᠎ᠠ ᠬᠥᠯᠥᠰᠥ ᠪᠠᠨ ᠰᠡᠪᠡᠷᠭᠡᠭᠰᠡᠨ ᠰᠣᠷᠢᠶᠠᠨ ᠤ ᠬᠥᠯᠥᠭ ᠤᠨ ᠳᠦᠢᠲᠡᠢ ᠲᠡᠪᠬᠡᠶᠢᠨ ᠰᠡᠬᠦᠶᠢᠬᠦ ᠪᠥᠭᠡᠳ ᠬᠥᠪᠴᠢ ᠨᠣᠭᠤᠭᠠᠨ ᠣᠢ ᠮᠣᠳᠣᠳ ᠨᠢ ᠨᠡᠯᠥ ᠳᠤ ᠪᠠᠨ ᠬᠥᠪᠬᠢᠬᠦ ᠨᠢ ᠥᠨᠵᠢᠵᠥ ᠬᠤᠨᠣᠬᠤ ᠶᠢᠨ ᠬᠤᠭᠤᠷᠣᠨᠳᠣ ᠠᠰᠢᠭᠦᠢ ᠲᠥᠷᠭᠡᠨ ᠣᠷᠭᠤᠭᠠᠳ ᠠᠭᠤᠯᠠᠰ ᠤᠨ ᠣᠷᠭᠢᠯ ᠢᠶᠠᠨ ᠴᠤ ᠮᠡᠳᠡᠭᠳᠡᠮ᠎ᠡ ᠥᠨᠳᠥᠷ ᠪᠣᠯᠭᠠᠭᠰᠠᠨ ᠴᠤ ᠪᠣᠯᠪᠠᠣ ᠭᠡᠮᠡᠷ᠃ ᠴᠡᠪᠡᠷᠰᠢᠨ ᠲᠣᠩᠭᠠᠯᠠᠭᠰᠢᠭᠰᠠᠨ ᠲᠠᠯ᠎ᠠ ᠶᠢᠨ ᠲᠡᠨᠵᠢ ᠨᠣᠯᠮᠣᠨ ᠨᠣᠭᠤᠭᠠᠨ ᠢᠶᠠᠷ ᠴᠡᠯᠡᠭᠡᠷᠰᠢᠭᠡᠳ ᠰᠢᠭᠦᠳᠡᠷᠢ ᠡᠮᠬᠦᠭᠰᠡᠨ ᠡᠪᠡᠰᠥ ᠣᠷᠭᠤᠮᠠᠯ ᠰᠢᠮᠡᠯᠢᠭ ᠬᠥᠷᠥᠰᠥᠨ ᠳᠤ ᠪᠠᠨ ᠨᠢᠯᠬᠠᠷᠠᠨ ᠡᠷᠬᠡᠯᠡᠵᠥ᠂ ᠴᠣᠮᠣᠷᠯᠢᠭ ᠢᠶᠠᠨ ᠪᠥᠭᠡᠴᠡᠶᠢᠯᠡᠭᠰᠡᠨ ᠴᠡᠴᠡᠭᠡᠰ ᠨᠠᠮᠬᠠᠨ ᠣᠷᠣᠰᠬᠤ ᠪᠣᠷᠣᠭᠠᠨ ᠤ ᠤᠰᠤᠨ ᠳᠤ ᠵᠢᠰᠥ ᠪᠠᠨ ᠳᠣᠯᠢᠳᠠᠭᠠᠳ ᠭᠠᠩᠭᠠᠯᠠᠨ᠎ᠠ᠃                ᠲᠡᠭᠷᠢ ᠶᠢᠨ ᠬᠠᠶᠠᠭ᠎ᠠ ᠪᠠᠷ ᠰᠣᠯᠣᠩᠭ᠎ᠠ ᠲᠠᠲᠠᠵᠣ ᠲᠡᠭᠦᠨ ᠤᠨ ᠳᠣᠣᠭᠤᠷ ᠭᠠᠯᠠᠭᠤᠳ ᠵᠠᠯᠠᠯᠠᠨ᠎ᠠ᠃ ᠭᠠᠯᠠᠭᠤᠳ ᠤᠨ ᠭᠠᠩᠭᠠᠨᠠᠯᠳᠣᠭᠠᠨ ᠳᠤ ᠭᠠᠵᠠᠷ ᠤᠨ ᠴᠢᠭᠢᠭ ᠥᠨᠳᠡᠯᠵᠡᠬᠦ ᠨᠢ ᠮᠠᠨᠠᠨᠲᠣᠨ ᠬᠠᠷᠠᠭᠳᠠᠨ᠎ᠠ᠃ ᠮᠠᠨᠠᠨ ᠤ ᠳᠣᠮᠳᠠᠭᠤᠷ ᠮᠠᠯ ᠰᠥᠷᠥᠭ ᠤᠨ ᠰᠢᠨᠡᠬᠡᠨ ᠨᠣᠭᠤᠭ᠎ᠠ ᠴᠢᠮᠬᠢᠯᠡᠬᠦ ᠠᠨᠢᠷ ᠳᠣᠭᠤᠯᠳᠠᠨ᠎ᠠ᠃ ᠪᠣᠯᠵᠣᠮᠣᠷ ᠰᠢᠪᠠᠭᠤᠳ ᠴᠤ ᠠᠮᠠ ᠬᠠᠮᠬᠢᠯ ᠦᠭᠡᠢ ᠵᠢᠷᠭᠢᠨ ᠳᠣᠩᠭᠤᠳᠴᠣ ᠡᠭᠡᠰᠢᠭ ᠨᠡᠶᠢᠯᠡᠭᠦᠯᠬᠦ ᠳᠤ ᠵᠢᠵᠢᠭ ᠵᠢᠭᠠᠬᠠᠨ ᠬᠤᠷᠣᠬᠠᠢ ᠰᠢᠪᠡᠵᠢ ᠴᠤ ᠥᠪᠡᠷ ᠥᠪᠡᠷᠥᠨ ᠳᠠᠭᠤ ᠱᠣᠣ ᠪᠠᠨ ᠨᠡᠮᠡᠷᠢᠯᠡᠨ᠎ᠡ᠃ ᠶᠠᠮᠠᠷᠰᠢᠥ ᠡᠷᠬᠡ ᠰᠥᠷᠲᠡᠢ ᠪᠠᠶᠢᠯ᠎ᠠ ᠭᠡᠳ ᠰᠠᠨᠠᠭᠰᠠᠨ ᠰᠠᠨᠠᠭ᠎ᠠ ᠳᠣᠷᠠᠯᠠᠭᠰᠠᠨ ᠳᠣᠷᠠᠰᠢᠯ ᠢᠶᠠᠷ ᠢᠶᠠᠨ ᠵᠣᠬᠢᠶᠠᠵᠣ ᠡᠪᠯᠡᠭᠦᠯᠵᠥ ᠡᠰᠡ ᠳᠡᠶᠢᠯᠬᠦ ᠪᠥᠭᠡᠳ ᠭᠠᠭᠴᠠ ᠬᠦ ᠬᠤᠷᠸ᠎ᠠ ᠶᠢᠨ ᠵᠢᠮ᠎ᠡ ᠪᠠᠷ ᠢᠶᠠᠨ ᠡᠶᠡᠯᠳᠥᠪᠡᠯ ᠰᠠᠶ᠋ᠢ ᠬᠤᠣᠰ ᠦᠭᠡᠢ ᠭᠤᠴᠣ ᠣᠶᠠᠩᠭᠠᠷᠠᠳᠠᠭ ᠨᠠᠶᠢᠷᠠᠯ ᠬᠥᠭᠵᠢᠮ ᠤᠨ ᠳᠣᠮᠳᠠ ᠪᠢ ᠠᠵᠠᠲᠠᠢ ᠬᠥᠮᠥᠨ ᠪᠣᠯᠵᠤ᠂ ᠠᠶᠠᠯᠭᠤ ᠡᠭᠡᠰᠢᠭ ᠤᠨ ᠰᠣᠳᠣ ᠶᠢ ᠮᠡᠳᠡᠷᠡᠩᠬᠡᠨ ᠵᠣᠭᠰᠣᠪᠠ᠃ ᠠᠮᠣᠭᠤᠯᠠᠩ ᠪᠠᠶᠢᠭᠠᠯᠢ ᠶᠢᠨ ᠰᠣᠶᠣᠷᠬᠠᠯ ᠢ ᠬᠥᠷᠲᠡᠩᠬᠡᠨ ᠵᠣᠭᠰᠣᠪᠠ᠃ ᠠᠭᠤᠳᠠᠮ ᠨᠣᠲᠤᠭ ᠤᠨ ᠢᠶᠠᠨ ᠢᠪᠡᠭᠡᠯ ᠢ ᠰᠥᠵᠢᠭᠯᠡᠩᠬᠡᠨ ᠵᠣᠭᠰᠣᠪᠠ᠃ ᠠᠯᠣᠰ ᠤᠨ ᠠᠯᠣᠰ ᠲᠤ ᠬᠢ ᠪᠠᠷ᠎ᠠ ᠶᠢ ᠪᠠᠷᠠᠯᠠᠩᠬᠠᠨ ᠵᠣᠭᠰᠣᠪᠠ᠃                  ᠪᠢ ᠵᠣᠭᠰᠣᠭᠠᠳ ᠠᠵᠢᠭᠰᠠᠭᠠᠷ ᠁              ᠬᠡᠯᠲᠡᠰ ᠪᠣᠯᠭᠠᠨ ᠳᠤ ᠪᠠᠨ ᠨᠠᠷᠠᠨ ᠰᠠᠴᠣᠷᠠᠭ ᠤᠨ ᠡᠨᠧᠷᠭᠢ ᠲᠠᠢ ᠴᠡᠴᠡᠭᠡᠰ ᠤᠨ ᠥᠩᠭᠡ ᠥᠯᠢᠳᠬᠡᠰᠢ ᠦᠭᠡᠢ ᠬᠤᠷᠴᠠᠯᠢᠭ ᠪᠠᠶᠢᠬᠤ ᠶᠢ᠂ ᠨᠠᠪᠴᠢᠰ ᠪᠣᠯᠭᠠᠨ ᠳᠤ ᠪᠠᠨ ᠷᠠᠰᠢᠶᠠᠨ ᠬᠤᠷ᠎ᠠ ᠶᠢᠨ ᠰᠢᠪᠰᠢᠯᠭᠡ ᠲᠠᠢ ᠮᠥᠴᠢᠷ ᠨᠠᠮᠠᠭᠠᠳ ᠤᠨ ᠬᠡᠮᠵᠢᠶᠡᠯᠡᠰᠢ ᠦᠭᠡᠢ ᠬᠡᠶᠢᠮᠦᠷᠯᠢᠭ ᠪᠠᠶᠢᠬᠤ ᠶᠢ᠂ ᠥᠨᠳᠥᠰᠥ ᠭᠦᠨ ᠣᠷᠭᠤᠮᠠᠯ ᠤᠨ ᠬᠥᠷᠥᠰᠥᠨ ᠤ ᠰᠣᠷᠪᠣᠯᠵᠢ ᠳᠤ ᠪᠠᠨ ᠰᠡᠳᠬᠢᠯ ᠬᠠᠩᠬᠤᠯᠣᠭᠤᠨ ᠪᠠᠶᠢᠬᠤ ᠶᠢ᠂ ᠥᠨᠢᠷ ᠥᠳᠬᠡᠨ ᠠᠮᠢᠵᠠᠷᠠᠯ ᠤᠨ ᠨᠠᠶᠢᠷᠠᠭ ᠥᠩ ᠪᠠᠳᠠᠷᠠᠩᠭᠤᠢ ᠪᠠᠶᠢᠬᠤ ᠶᠢ ᠠᠵᠢᠬᠤ ᠳᠣᠰᠣᠮ ᠰᠠᠯᠵᠣ ᠲᠥᠪᠳᠡᠬᠦ ᠦᠭᠡᠢ ᠪᠠᠭ᠋ᠠᠳᠣᠨ ᠵᠣᠭᠰᠣᠭᠰᠠᠭᠠᠷ ᠪᠠᠶᠢᠯᠤᠭ᠎ᠠ᠃ ᠠᠭᠤᠯᠠᠰ ᠤᠨ ᠣᠷᠭᠢᠯ ᠥᠨᠳᠥᠷ ᠢᠶᠠᠨ ᠮᠥᠴᠡᠭᠡᠷᠬᠡᠵᠥ ᠪᠠᠶᠢᠬᠤ ᠶᠢ᠂ ᠣᠰᠣᠨ ᠤ ᠴᠡᠭᠡᠯ ᠲᠣᠩᠭᠠᠯᠠᠭ ᠢᠶᠠᠨ ᠠᠳᠠᠯᠢᠳᠬᠠᠵᠣ ᠪᠠᠶᠢᠬᠤ ᠶᠢ ᠠᠵᠢᠬᠤ ᠳᠣᠰᠣᠮ ᠬᠤᠭᠤᠷ ᠢᠶᠠᠨ ᠬᠥᠭᠯᠡᠭᠡᠳ ᠬᠤᠯᠪᠣᠵᠣ ᠦᠵᠡᠮᠡᠷ᠂ ᠬᠤᠭᠤᠯᠠᠢ ᠵᠠᠰᠠᠭᠠᠳ ᠳᠠᠭᠤᠯᠠᠵᠣ ᠦᠵᠡᠮᠡᠷ᠂ ᠥᠯᠢᠭᠡᠷ ᠡᠭᠦᠰᠭᠡᠨ ᠬᠠᠶᠢᠯᠠᠵᠣ ᠥᠵᠡᠮᠡᠷ᠂ ᠥᠪᠡᠷ ᠪᠢ ᠪᠠᠨ ᠮᠡᠷᠲᠡᠵᠥ ᠣᠷᠬᠢᠮᠠᠷ ᠪᠣᠯᠣᠭᠰᠠᠨ ᠮᠠᠨᠢ ᠬᠤᠳᠠᠯ ᠪᠢᠰᠢ ᠥᠨᠡᠨ ᠪᠠᠶᠢᠯ᠎ᠠ᠃                ᠪᠢ ᠳᠠᠭᠤᠯᠠᠬᠤ ᠰᠠᠨ ᠭᠡᠵᠥ ᠰᠠᠨᠠᠭᠠᠷᠬᠠᠭᠰᠠᠭᠠᠷ ᠁              ᠪᠣᠷᠣᠭᠠᠨ ᠤ ᠳᠠᠷᠠᠭᠠᠬᠢ ᠪᠣᠷᠬᠠᠨ ᠡᠬᠡ ᠣᠷᠣᠨ ᠤ ᠪᠠᠨ ᠪᠣᠮᠠ ᠲᠥᠮᠡᠨ ᠥᠵᠡᠮᠵᠢ ᠶᠢ ᠪᠥᠬᠦᠨ ᠢ ᠪᠠᠭᠲᠠᠭᠠᠭᠠᠳ ᠳᠠᠭᠤᠯᠠᠬᠤ ᠶᠣᠮᠰᠠᠨ᠃ ᠪᠣᠯᠠᠭᠠᠨ ᠲᠠᠯ᠎ᠠ ᠶᠢᠨ ᠢᠶᠠᠨ ᠰᠢᠷᠭᠢᠭ ᠡᠪᠡᠰᠥ ᠶᠢ ᠴᠤ ᠣᠷᠬᠢᠭᠳᠠᠭᠤᠯᠣᠯ ᠦᠭᠡᠢ ᠢᠯᠪᠢᠵᠥ ᠪᠠᠶᠢᠭᠠᠳ ᠳᠠᠭᠤᠯᠠᠬᠤ ᠶᠣᠮᠰᠠᠨ᠃ ᠡᠯᠢᠭᠡᠨ ᠳᠤ ᠪᠠᠨ ᠥᠰᠭᠡᠭᠰᠡᠨ ᠠᠴᠢ ᠶᠢᠨ ᠬᠢᠨ ᠬᠠᠷᠢᠭᠤ ᠣᠶᠠᠷᠠᠨ ᠲᠠᠯᠠᠷᠬᠠᠭᠠᠳ ᠳᠠᠭᠤᠯᠠᠬᠤ ᠶᠣᠮᠰᠠᠨ᠂ ᠡᠮᠵᠢᠭᠬᠡᠨ ᠡᠩᠬᠦᠷᠡᠢ ᠲᠡᠭᠦᠨ ᠢ ᠪᠠᠨ ᠡᠮᠰᠡᠭᠯᠡᠵᠥ ᠬᠢᠮᠠᠭᠠᠳᠠᠭᠠᠳ ᠳᠠᠭᠤᠯᠠᠬᠤ ᠶᠣᠮᠰᠠᠨ ᠁            ᠪᠢ ᠥᠷᠥᠴᠡ ᠵᠢᠷᠥᠬᠡᠨ ᠠᠴᠠ ᠪᠠᠨ ᠬᠠᠩᠬᠢᠨᠠᠭᠤᠯᠣᠨ ᠪᠠᠶᠢᠬᠤ ᠳᠤ᠂ ᠵᠥᠭᠡᠯᠡᠨ ᠵᠢᠪᠠᠷ ᠵᠥᠪ ᠲᠠᠯ᠎ᠠ ᠶᠢᠨ ᠰᠡᠪᠡᠯᠭᠡ ᠶᠢ ᠢᠯᠪᠢᠬᠦ ᠨᠢ ᠮᠡᠳᠡᠷᠡᠭᠳᠡᠪᠡ᠃ ᠵᠥᠭᠡᠷᠬᠡᠨ ᠢᠯᠪᠢᠵᠥ ᠪᠠᠶᠢᠭ᠎ᠠ ᠪᠢᠰᠢ ᠵᠦᠩ ᠰᠣᠪᠢᠩ ᠤᠨ ᠪᠡᠯᠭᠡᠳᠡᠯ ᠪᠠᠶᠢᠵᠣ ᠮᠡᠳᠡᠨ᠎ᠡ ᠭᠡᠳ ᠠᠵᠢᠶᠠᠷᠠᠪᠠᠯ᠂ ᠵᠥᠢᠲᠡᠢ ᠰᠠᠶᠢᠬᠠᠨ ᠮᠠᠭᠲᠠᠭᠠᠯ ᠪᠣᠯᠪᠠᠴᠣ ᠵᠥᠰᠡᠷᠡᠵᠥ ᠥᠯᠥ ᠪᠣᠯᠣᠨ᠎ᠠ᠃ ᠵᠥᠰᠡᠷᠡᠵᠥ ᠪᠣᠯᠬᠤ ᠨᠢ ᠪᠠᠶᠢᠭᠠᠯᠢ ᠪᠠᠨ ᠬᠥᠷᠥᠩᠰᠢᠭᠦᠯᠳᠡᠭ ᠬᠤᠷ᠎ᠠ ᠤᠰᠤ᠂ ᠪᠠᠶᠠᠯᠢᠭ ᠢ ᠪᠥᠲᠥᠭᠡᠳᠡᠭ ᠰᠡᠳᠬᠢᠯ ᠤᠨ ᠬᠦᠴᠦ᠂ ᠢᠷᠡᠭᠡᠳᠥᠢ ᠪᠠᠨ ᠴᠢᠭᠯᠡᠭᠰᠡᠨ ᠣᠶᠣᠨᠴᠢ ᠣᠬᠠᠭ᠎ᠠ ᠯᠠ ᠪᠠᠶᠢᠬᠤ ᠣᠴᠢᠷᠲᠠᠢ ᠬᠡᠮᠡᠨ ᠰᠡᠪᠡᠭᠡᠨᠡᠨ ᠰᠡᠪᠡᠯᠵᠢᠨ ᠰᠡᠷᠡᠮᠵᠢᠯᠡᠭᠦᠯᠬᠦ ᠠᠵᠠᠢ᠃                  ᠠᠶᠠᠨ ᠤ ᠭᠠᠨᠵᠤᠭ᠎ᠠ ᠲᠥᠭᠦᠷᠡᠩ ᠭᠡᠬᠦ ᠳᠤ ᠪᠣᠳᠣᠯ ᠤᠨ ᠠᠴᠢᠶ᠎ᠠ ᠴᠤ ᠬᠥᠨᠳᠥ ᠪᠤᠯᠵᠤ ᠰᠠᠨᠠᠭᠳᠠᠯ᠎ᠠ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号